ᠤᠶᠠᠭ᠎ᠠ ᠵᠠᠩᠭᠢᠯᠠᠭ᠎ᠠ
ᠨᠡᠶᠢᠲᠡᠯᠡᠭᠰᠡᠨ ᠴᠠᠭ᠄
2021/9/9
ᠨᠢᠭᠡ᠄ ᠤᠨᠤᠭ᠎ᠠ ᠮᠠᠯ ᠤᠨ ᠪᠤᠷᠠᠨᠲᠠᠭ ᠴᠣᠯᠪᠤᠭᠤᠷ ᠵᠡᠷᠭᠡ ᠶᠢᠨ ᠳᠡᠭᠡᠰᠦ ᠠᠷᠭᠠᠮᠵᠢ ᠶᠢ ᠪᠤᠲᠠ ᠤᠶᠠᠭᠠᠨ ︵ᠭᠠᠳᠠᠰᠤ︶ ᠠᠴᠠ ᠤᠶᠠᠵᠤ ᠵᠠᠩᠭᠢᠯᠠᠬᠤ ᠵᠠᠩᠭᠢᠯᠠᠭ᠎ᠠ ᠶᠢᠨ ᠨᠡᠷᠡᠶᠢᠳᠦᠯ1᠂ ᠲᠤᠭᠤᠪᠴᠢᠯᠠᠵᠤ ᠤᠶᠠᠬᠤ— ᠲᠠᠲᠠᠬᠤ ᠳᠤᠲᠤᠮ ᠴᠢᠩᠭᠠᠷᠠᠳᠠᠭ ᠪᠣᠯᠪᠠᠴᠤ ᠲᠠᠶᠢᠯᠬᠤ ᠳᠤ ᠠᠮᠠᠷᠬᠠᠨ᠃2᠂ ᠬᠦᠪᠡᠷᠬᠡᠢ ᠤᠶᠠᠬᠤ— ᠲᠠᠶᠢᠯᠬᠤ ᠳᠤ ᠠᠮᠠᠷᠬᠠᠨ ᠤᠶᠠᠭ᠎ᠠ᠃3᠂ ᠵᠠᠩᠭᠢᠯᠠᠵᠤ ᠤᠶᠠᠬᠤ— ᠡᠭᠦᠨ ᠳᠤ ᠬᠤᠶᠠᠷ ᠵᠤᠶᠢᠯ ᠪᠠᠶᠢᠳᠠᠭ᠃ ᠵᠦᠪ ᠵᠠᠩᠭᠢᠯᠠᠭ᠎ᠠ ᠪᠠ ᠰᠤᠯᠤᠭᠠᠢ ᠵᠠᠩᠭᠢᠯᠠᠭ᠎ᠠ ᠭᠡᠵᠦ ᠬᠡᠯᠡᠳᠡᠭ᠃ ︵ᠪᠠᠰᠠ ᠡᠷ᠎ᠡ ᠵᠠᠩᠭᠢᠯᠠᠭ᠎ᠠ᠂ ᠡᠮ ᠵᠠᠩᠭᠢᠯᠠᠭ᠎ᠠ︶ ᠵᠦᠪ ᠵᠠᠩᠭᠢᠯᠠᠭ᠎ᠠ ᠶᠢ ᠲᠠᠶᠢᠯᠬᠤ ᠳᠤ ᠠᠮᠠᠷ ᠦᠭᠡᠢ᠂ ᠲᠠᠲᠠᠬᠤ ᠳᠤᠲᠤᠮ ᠴᠢᠪᠴᠠᠷᠠᠵᠤ ᠴᠢᠩᠭᠠᠷᠠᠨ᠎ᠠ᠃ ᠰᠤᠯᠤᠭᠠᠢ ᠵᠠᠩᠭᠢᠯᠠᠭ᠎ᠠ ᠨᠢ ᠵᠦᠩᠳᠡᠭᠡᠨ ᠰᠤᠯᠠᠷᠠᠵᠤ ᠲᠠᠯᠪᠢᠭᠳᠠᠳᠠᠭ᠃…ᠬᠤᠶᠠᠷ᠄ ᠲᠡᠮᠡᠭᠡᠨ ᠤ ᠤᠶᠠᠭ᠎ᠠ ᠶᠢᠨ ᠲᠤᠬᠠᠢ1᠂ ᠲᠠᠪᠬᠠᠴᠢᠯᠠᠵᠤ ᠤᠶᠠᠬᠤ— ᠲᠡᠮᠡᠭᠡᠨ ᠤ ᠡᠮᠦᠨ᠎ᠡ ᠬᠦᠯ ᠤᠨ ᠲᠠᠭᠠᠯᠴᠠᠭ ᠠᠴᠠ ᠨᠢ ᠤᠶᠠᠬᠤ ᠶᠢ ᠬᠡᠯᠡᠨ᠎ᠡ᠃ ᠶᠡᠷᠦ ᠳᠡᠭᠡᠨ ᠡᠮᠨᠡᠭ ᠤᠨᠤᠵᠤ ᠳᠠᠰᠬᠠᠬᠤ ᠳᠤ ᠪᠤᠷᠤᠭᠤ ᠲᠠᠯ᠎ᠠ ᠶᠢᠨ ᠬᠦᠯ ᠠᠴᠠ ᠨᠢ ᠳᠠᠪᠬᠠᠴᠢᠯᠠᠵᠤ ᠤᠶᠠᠭᠠᠳ ᠲᠠᠲᠠᠵᠤ ᠲᠡᠮᠡᠭᠡ ᠶᠢ ᠬᠡᠪᠲᠡᠭᠦᠯᠵᠦ ᠰᠤᠷᠭᠠᠳᠠᠭ᠃2᠂ ᠨᠠᠭᠴᠤᠯᠠᠵᠤ ᠤᠶᠠᠬᠤ— ᠡᠮᠨᠡᠭ ᠲᠡᠮᠡᠭᠡ ᠶᠢ ᠴᠡᠯᠮᠡᠳᠡᠵᠤ ᠣᠷᠢᠶᠠᠵᠤ ᠤᠨᠠᠭᠠᠭᠠᠳ ᠬᠡᠪᠲᠡᠭᠦᠯᠦᠭᠰᠡᠨ ᠤ ᠳᠠᠷᠠᠭ᠎ᠠ ᠪᠤᠷᠤᠭᠤ ᠲᠠᠯ᠎ᠠ ᠶᠢᠨ ᠡᠪᠦᠳᠦᠭ ᠠᠴᠠ ᠨᠢ ᠭᠤᠭᠴᠤᠭᠠᠯᠠᠭᠠᠳ ᠬᠦᠵᠦᠭᠦᠨ ᠳᠡᠭᠡᠭᠦᠷ ᠨᠢ ᠭᠠᠷᠭᠠᠭᠠᠳ ᠵᠦᠪᠲᠠᠢ ᠲᠠᠯ᠎ᠠ ᠶᠢᠨ ᠬᠦᠯ ᠠᠴᠠ ᠨᠢ ᠬᠡᠷᠡᠵᠦ ᠤᠶᠠᠬᠤ ᠶᠢ ᠬᠡᠯᠡᠨ᠎ᠡ᠃ ᠡᠮᠨᠡᠭ ᠢᠶᠠᠨ ᠨᠠᠭᠴᠤᠯᠠᠴᠢᠬᠠᠭᠠᠳ ᠳᠠᠯᠳᠠᠷ ᠲᠤᠬᠤᠮ ᠢᠶᠠᠨ ᠲᠤᠬᠤᠳᠠᠭ᠃3᠂ ᠨᠤᠭᠲᠠᠯᠠᠵᠤ ᠤᠶᠠᠬᠤ— ᠳᠠᠷᠤᠢ ᠪᠤᠤᠷ᠎ᠠ ᠪᠤᠶᠤ ᠡᠮᠨᠡᠭ ᠤᠨ ᠢᠶᠠᠨ ᠪᠤᠶᠢᠯᠠ ᠪᠤᠷᠠᠨᠲᠠᠭ ᠤᠨ ᠬᠠᠵᠠᠭᠤ ᠪᠠᠷ ᠨᠢ ᠲᠤᠭᠤᠯ‌‍ᠪᠢᠷᠠᠭᠤ᠂ ᠨᠣᠮᠣᠬᠠᠨ ᠮᠣᠷᠢ ᠡᠯᠵᠢᠭᠡ ᠰᠢᠭ ᠨᠣᠭᠲᠤ ᠵᠡᠭᠦᠯᠭᠡᠵᠦ ᠤᠶᠠᠬᠤ ᠶᠢ ᠬᠡᠯᠡᠨ᠎ᠡ᠃4᠂ ᠪᠤᠭᠤᠪᠴᠢᠯᠠᠵᠤ ᠤᠶᠠᠬᠤ— ᠤᠨᠤᠭᠠᠨ ᠤ ᠲᠡᠮᠡᠭᠡ ᠪᠠᠨ ᠲᠠᠯᠪᠢᠵᠦ ᠡᠪᠡᠰᠦ ᠢᠳᠡᠭᠦᠯᠬᠦ ᠳᠤ ᠬᠤᠯᠠ ᠶᠠᠪᠤᠬᠤ ᠠᠴᠠ ᠬᠢᠴᠢᠶᠡᠵᠦ ᠪᠤᠷᠠᠨᠲᠠᠭ ᠢᠶᠠᠷ ᠨᠢ ᠵᠦᠪ ᠲᠠᠯ᠎ᠠ ᠶᠢᠨ ᠡᠮᠦᠨ᠎ᠡ ᠬᠦᠯ ᠤᠨ ᠡᠪᠦᠳᠦᠭ ᠠᠴᠠ ᠲᠤᠭᠤᠪᠴᠢᠯᠠᠵᠤ ᠤᠶᠠᠬᠤ ᠶᠢ ᠬᠡᠯᠡᠨ᠎ᠡ᠃…
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号