ᠤᠶᠤᠨᠯᠢᠭ ᠬᠡᠷᠡᠭᠯᠡᠭᠳᠡᠬᠦ ᠠᠮᠢᠳᠦᠷᠠᠯ ᠤᠨ ᠠᠷᠭ᠎ᠠ ᠳᠠᠮ
ᠨᠡᠶᠢᠲᠡᠯᠡᠭᠰᠡᠨ ᠴᠠᠭ᠄
2021/9/9
1᠂ ᠵᠤᠬᠢᠰᠬᠤ ᠶᠢ ᠲᠦᠷᠭᠡᠨ ᠵᠣᠭᠰᠤᠭᠠᠬᠤ ᠠᠷᠭ᠎ᠠ ᠵᠣᠬᠢᠰᠬᠤ ᠦᠶ᠎ᠡ ᠳᠤ ᠤᠰᠤ ᠤᠤᠭᠤᠪᠠᠯ ᠰᠠᠶᠢᠨ᠂ ᠤᠤᠭᠤᠬᠤ ᠳᠠᠭᠠᠨ ᠠᠮᠠᠨ ᠳᠣᠲᠤᠷᠠᠬᠢ ᠤᠰᠤ ᠪᠠᠨ ᠬᠡᠳᠦ ᠬᠤᠪᠢᠶᠠᠵᠤ ᠵᠠᠯᠭᠢᠪᠠᠯ ᠵᠣᠬᠢᠰᠬᠤ ᠶᠢ ᠵᠣᠭᠰᠤᠭᠠᠴᠢᠬᠠᠨ᠎ᠠ᠂ ᠬᠡᠷᠪᠡ ᠬᠡᠷᠡᠭ ᠲᠤ ᠬᠦᠷᠬᠦ ᠦᠭᠡᠢ ᠪᠣᠯ ᠳᠡᠭᠡᠷᠡᠬᠢ ᠶᠣᠰᠤᠭᠠᠷ ᠳᠠᠬᠢᠨ ᠨᠢᠭᠡ ᠤᠳᠠᠭ᠎ᠠ ᠬᠢᠪᠡᠯ ᠳᠠᠷᠦᠢ ᠳᠣᠣᠷ᠎ᠠ ᠨᠢ ᠵᠣᠭᠰᠤᠴᠢᠬᠠᠨ᠎ᠠ᠃2᠂ ᠬᠦᠵᠦᠭᠦᠦ ᠡᠪᠡᠳᠬᠦ ᠶᠢ ᠨᠠᠮᠲᠠᠭᠠᠬᠤ ᠠᠷᠭ᠎ᠠ ︵落枕)ᠳᠡᠷ᠎ᠡ ᠪᠠᠨ ᠡᠪ ᠦᠭᠡᠢ ᠳᠡᠷᠡᠯᠡᠵᠦ ᠬᠦᠵᠦᠭᠦᠦ ᠬᠦᠰᠢᠵᠦ ᠡᠪᠡᠳᠪᠡᠯ ᠤᠷᠢᠳᠠᠪᠠᠷ ᠣᠷᠤᠨ ᠳᠡᠭᠡᠷ᠎ᠡ ᠪᠠᠨ ᠳᠡᠭᠡᠭᠰᠢ ᠪᠠᠨ ᠬᠠᠷᠠᠵᠤ ᠬᠡᠪᠲᠡᠨ᠂ ᠬᠦᠵᠦᠭᠦᠨ ᠤ ᠪᠣᠯᠴᠢᠩ ᠢᠶᠠᠨ ᠰᠤᠯᠠ ᠲᠠᠯᠪᠢᠨ᠂ ᠳᠠᠬᠢᠨ ᠬᠠᠯᠠᠭᠤᠨ ᠠᠯᠴᠢᠭᠤᠷ ᠢᠶᠠᠷ ᠡᠪᠡᠳᠬᠦ ᠭᠠᠵᠠᠷ ᠲᠠᠭᠠᠨ ᠬᠠᠯᠠᠭᠠᠵᠤ ᠲᠠᠯᠪᠢᠨ᠎ᠠ᠂ ᠡᠳᠦᠷ ᠲᠤ ᠬᠡᠳᠦᠨ ᠤᠳᠠᠭ᠎ᠠ ᠬᠠᠯᠠᠭᠠᠪᠠᠯ ᠨᠡᠩ ᠰᠠᠶᠢᠨ᠃3᠂ ᠨᠣᠶᠢᠷ ᠬᠤᠯᠵᠢᠬᠤ ᠶᠢ ᠰᠡᠷᠭᠡᠶᠢᠯᠡᠬᠦ ᠠᠷᠭ᠎ᠠᠼᠦ ᠲᠠᠢ ᠬᠠᠯᠠᠭᠤᠨ ᠤᠰᠤ ᠪᠠᠷ ᠬᠦᠯ ᠢᠶᠠᠨ ᠤᠬᠢᠶᠠᠨ᠎ᠠ᠂ ᠢᠩᠭᠢᠬᠦ ᠳᠡᠭᠡᠨ ᠤᠨᠲᠠᠬᠤ ᠠᠴᠠ ᠪᠠᠨ ᠡᠮᠦᠨ᠎ᠡ ᠴᠠᠢ᠂ ᠺᠣᠹᠧ ᠪᠠᠭ᠎ᠠ ᠤᠤᠭᠤᠵᠤ᠂ ᠲᠠᠷᠢᠬᠢ ᠪᠠᠭ᠎ᠠ ᠬᠡᠷᠡᠭᠯᠡᠵᠦ᠂ ᠦᠭᠡ ᠪᠠᠨ ᠪᠠᠭ᠎ᠠ ᠶᠠᠷᠢᠪᠠᠯ ᠵᠣᠬᠢᠨ᠎ᠠ᠃4᠂ ᠰᠢᠳᠦ ᠬᠠᠪᠢᠷᠬᠤ ᠶᠢ ᠵᠠᠰᠠᠬᠤ ᠠᠷᠭ᠎ᠠᠡᠳᠦᠷ ᠪᠦᠷᠢ ᠤᠨᠲᠠᠬᠤ ᠠᠴᠠ ᠪᠠᠨ ᠡᠮᠦᠨ᠎ᠡ ᠵᠦᠷᠵᠢ ᠶᠢᠨ ᠬᠠᠯᠢᠰᠦ ᠶᠢ ᠲᠦᠭᠦᠬᠡᠢ ᠪᠠᠷ ᠨᠢ ᠢᠳᠡᠵᠦ᠂2 ᠠᠴᠠ3 ᠡᠳᠦᠷ ᠵᠠᠯᠭᠠᠪᠠᠷ ᠢᠳᠡᠪᠡᠯ ᠲᠣᠮᠤ ᠬᠦᠮᠦᠨ ᠪᠤᠶᠤ ᠬᠡᠦᠬᠡᠳ ᠤᠨ ᠰᠢᠳᠦ ᠬᠠᠪᠢᠷᠬᠤ ᠶᠢ ᠵᠠᠰᠠᠴᠢᠬᠠᠨ᠎ᠠ᠃5᠂ ᠭᠤᠰᠢᠭᠤᠨ ᠢ ᠲᠦᠷᠭᠡᠨ ᠨᠠᠮᠲᠠᠭᠠᠬᠤ ᠠᠷᠭ᠎ᠠᠭᠤᠰᠢᠭᠤᠨ ᠢᠳᠡᠭᠡᠨ ᠢᠳᠡᠵᠦ ᠠᠮᠠ ᠬᠠᠯᠠᠭᠤᠨ ᠪᠣᠯᠬᠤ ᠦᠭᠡᠢ ᠪᠣᠯ ᠳᠠᠪᠤᠰᠤ ᠪᠠᠷ ᠠᠮᠠ ᠪᠠᠨ ᠵᠠᠶᠢᠯᠠᠪᠠᠯ ᠭᠤᠰᠢᠭᠤᠨ ᠢ ᠲᠦᠷᠭᠡᠨ ᠨᠠᠮᠲᠠᠭᠠᠵᠤ ᠴᠢᠳᠠᠨ᠎ᠠ᠃6᠂ ᠴᠣᠬᠤᠶᠢᠳᠠᠭᠰᠠᠨ ᠦᠨᠳᠡᠭᠡ ᠶᠢ ᠬᠡᠷᠴᠢᠬᠦ ᠠᠷᠭ᠎ᠠᠴᠤᠬᠤᠶᠢᠭᠳᠠᠭᠰᠠᠨ ᠦᠨᠳᠡᠭᠡ ᠶᠢ ᠬᠡᠷᠴᠢᠬᠦ ᠳᠡᠭᠡᠨ ᠬᠢᠲᠤᠭ᠎ᠠ ᠪᠠᠨ ᠬᠠᠯᠠᠭᠤᠨ ᠤᠰᠦ ᠪᠠᠷ ᠬᠠᠯᠠᠭᠠᠪᠠᠯ ᠬᠡᠷᠴᠢᠭᠳᠡᠭᠰᠡᠨ ᠬᠡᠰᠡᠭ ᠨᠢ ᠬᠢᠲᠤᠭᠠᠨ ᠳᠤ ᠨᠠᠭᠠᠯᠳᠤᠬᠤ ᠦᠭᠡᠢ᠂ ᠤᠲᠠᠰᠤ ᠪᠠᠷ ᠦᠨᠳᠡᠭᠡ ᠶᠢ ᠵᠦᠰᠦᠬᠦ ᠨᠢ ᠪᠠᠰᠠᠴᠤ ᠨᠢᠭᠡᠨ ᠵᠤᠶᠢᠲᠠᠢ ᠠᠷᠭ᠎ᠠ ᠪᠣᠯᠤᠨ᠎ᠠ᠃7᠂ ᠤᠮᠳᠠᠭᠠᠨ ᠤ ᠰᠤᠷᠠᠭᠤᠯ ᠭᠤᠤᠷᠠᠰᠤ ᠶᠢᠨ ᠵᠦᠭᠡᠯᠡᠨ ᠠᠴᠠ ᠪᠣᠯᠵᠤ ᠤᠮᠳᠠᠭᠠᠨ ᠤ ᠰᠦᠯᠢᠶᠤᠤ ᠪᠦᠷᠬᠦᠪᠴᠢ ᠶᠢ ᠴᠤᠭᠤᠯᠵᠤ ᠴᠢᠳᠠᠬᠤ ᠦᠭᠡᠢ ᠪᠣᠯ ᠰᠤᠷᠤᠭᠤᠯ ᠭᠤᠤᠷᠰᠤ ᠪᠠᠨ ᠳᠤᠮᠳᠠ ᠠᠴᠠ ᠨᠢ ᠨᠤᠭᠤᠯᠵᠤ᠂ ᠨᠤᠭᠤᠯᠤᠭᠰᠠᠨ ᠬᠡᠰᠡᠭ ᠢᠶᠠᠷ ᠨᠢ ᠰᠦᠯᠢᠶᠥᠦ ᠶᠢ ᠴᠤᠭᠤᠯᠪᠠᠯ ᠠᠮᠠᠷᠬᠠᠨ ᠴᠤᠭᠤᠯᠴᠢᠬᠠᠨ᠎ᠠ᠃8᠂ ᠪᠠᠨᠠᠨᠠ ᠶᠢᠨ ᠰᠢᠨ᠎ᠡ ᠰᠣᠷᠭᠤᠭ ᠢ ᠬᠠᠳᠠᠭᠠᠯᠠᠬᠤ ᠠᠷᠭ᠎ᠠᠪᠠᠨᠠᠨᠠ ᠶᠢᠨ ᠴᠦᠩᠬᠦᠷᠦᠭ ᠢ ᠰᠦᠯᠢᠶᠥᠦ ᠪᠠᠷ ᠪᠣᠭᠤᠭᠠᠳ ᠲᠠᠯᠪᠢᠪᠠᠯ ᠰᠢᠨ᠎ᠡ ᠰᠣᠷᠭᠤᠭ ᠢ ᠨᠢ ᠬᠠᠳᠠᠭᠠᠯᠠᠵᠤ ᠴᠢᠳᠠᠨ᠎ᠠ 9᠂ ᠦᠨᠳᠡᠭᠡ ᠴᠢᠨᠠᠬᠤ ᠳᠠᠮᠲᠠᠢ ᠠᠷᠭ᠎ᠠᠦᠨᠳᠡᠭᠡ ᠪᠠᠨ ᠤᠷᠢᠳᠠᠪᠠᠷ ᠬᠦᠢᠲᠡᠨ ᠤᠰᠤᠨ ᠳᠤ ᠬᠡᠰᠡᠭ ᠲᠠᠯᠪᠢᠵᠤ ᠬᠠᠯᠠᠭᠤᠨ ᠤᠰᠤᠨ ᠳᠤ ᠬᠢᠵᠦ ᠴᠢᠨᠠᠪᠠᠯ ᠬᠠᠯᠢᠰᠦ ᠨᠢ ᠬᠠᠭᠠᠷᠠᠬᠤ ᠦᠭᠡᠢ ᠮᠦᠷᠲᠡᠭᠡᠨ ᠠᠮᠠᠷᠬᠠᠨ ᠱᠠᠭᠠᠷᠠᠨ᠎ᠠ᠃10᠂ ᠦᠵᠦᠮ ᠢᠳᠡᠬᠦ ᠤᠷᠠᠨ ᠳᠡᠮᠦᠵᠦᠮ ᠤᠨ ᠬᠠᠯᠢᠰᠦ ᠶᠢ ᠠᠪᠬᠤ ᠳᠤ ᠤᠷᠢᠳᠠᠪᠠᠷ ᠬᠦᠯᠳᠡᠭᠡᠭᠦᠷ ᠲᠤ ᠲᠠᠯᠪᠢᠨ ᠳᠠᠬᠢᠨ ᠳᠠᠪᠤᠰᠤ ᠲᠠᠢ ᠤᠰᠤ ᠪᠠᠷ ᠬᠡᠳᠤᠨ ᠮᠢᠨᠦ᠋ᠲ ᠳᠡᠪᠲᠦᠭᠡᠪᠡᠯ ᠬᠠᠯᠢᠰᠤ ᠨᠢ ᠠᠮᠠᠷᠬᠠᠨ ᠱᠠᠭᠠᠷᠠᠴᠢᠬᠠᠨ᠎ᠠ᠃11᠂ ᠭᠡᠷᠴᠢᠭᠰᠡᠨ ᠵᠢᠮᠢᠰ ᠢ ᠢᠰᠦᠯᠳᠦᠬᠦ ᠠᠴᠠ ᠰᠡᠷᠭᠡᠶᠢᠯᠡᠬᠦ ᠠᠷᠭ᠎ᠠᠵᠢᠮᠢᠰ ᠤᠨ ᠬᠠᠯᠢᠰᠤ ᠶᠢ ᠠᠪᠤᠭᠰᠠᠨ ᠤ ᠳᠠᠷᠠᠭ᠎ᠠ ᠠᠭᠠᠷ ᠤᠨ ᠳᠤᠮᠳᠠ ᠠᠮᠠᠷᠬᠠᠨ ᠢᠰᠦᠯᠳᠦᠵᠦ᠂ ᠥᠩᠭᠡ ᠨᠢ ᠬᠦᠷᠡᠩ ᠪᠣᠯᠳᠠᠭ᠃ ᠡᠭᠦᠨ ᠠᠴᠠ ᠰᠡᠷᠭᠡᠶᠢᠯᠡᠶ᠎ᠡ ᠭᠡᠪᠡᠯ ᠬᠠᠯᠢᠰᠤ ᠦᠭᠡᠢ ᠵᠢᠮᠢᠰ ᠢᠶᠠᠨ ᠬᠦᠷᠦᠭᠡᠭᠰᠡᠨ ᠪᠤᠴᠠᠯᠤᠭᠰᠠᠨ ᠤᠰᠤᠨ  ᠳᠤ ᠬᠢᠪᠡᠯ ᠵᠢᠮᠢᠰ ᠤᠨ ᠥᠩᠭᠡ ᠨᠢ ᠬᠤᠪᠢᠷᠠᠬᠤ ᠦᠭᠡᠢ ᠮᠦᠷᠲᠡᠭᠡᠨ ᠰᠢᠨ᠎ᠡ ᠰᠣᠷᠭᠤᠭ ᠢᠶᠠᠷ ᠨᠢ ᠪᠠᠶᠢᠯᠭᠠᠳᠠᠭ᠃12᠂ ᠭᠠᠷ ᠤᠲᠠᠰᠤᠨ ᠤ ᠲᠤᠨᠤᠭᠯᠠᠯ ᠤᠨ ᠤᠲᠠᠰᠤ ᠶᠢ ᠴᠡᠪᠡᠷᠯᠡᠬᠦ ᠠᠷᠭ᠎ᠠ ︵数据线)ᠴᠠᠭᠠᠨ ᠥᠩᠭᠡ ᠲᠠᠢ ᠭᠠᠷ ᠤᠲᠠᠰᠤᠨ ᠤ ᠲᠤᠨᠤᠭᠯᠠᠯ ᠤᠨ ᠤᠲᠠᠰᠤ ᠪᠠ ᠰᠤᠨᠤᠰᠤᠭᠤᠷ ᠤᠨ ᠤᠲᠠᠰᠦ ᠨᠢ ᠠᠮᠠᠷᠬᠠᠨ ᠪᠤᠵᠠᠷ ᠪᠣᠯᠬᠤᠷ ᠠᠯᠴᠢᠭᠤᠷ ᠳᠡᠭᠡᠷ᠎ᠡ ᠪᠡᠶ᠎ᠡ ᠤᠬᠢᠶᠠᠬᠤ ᠰᠢᠩᠭᠡᠨ ᠢ ᠬᠡᠳᠦ ᠲᠤᠰᠤᠭᠠᠵᠤ ᠠᠷᠴᠢᠪᠠᠯ ᠪᠤᠵᠠᠷ ᠨᠢ ᠠᠮᠠᠷᠬᠠᠨ ᠭᠠᠷᠴᠢᠬᠠᠨ᠎ᠠ᠃13᠂ ᠪᠡᠶ᠎ᠡ ᠤᠬᠢᠶᠠᠬᠤ ᠲᠠᠰᠤᠯᠭ᠎ᠠ ᠶᠢᠨ ᠴᠠᠩᠳᠤᠭᠰᠠᠨ ᠲᠣᠯᠢ ᠶᠢ ᠠᠷᠴᠢᠬᠤ ᠠᠷᠭ᠎ᠠᠤᠰᠤᠨ ᠠᠭᠤᠷ ᠪᠦᠭᠬᠦᠭᠰᠡᠨ ᠲᠣᠯᠢ ᠶᠢ ᠬᠠᠭᠤᠷᠠᠢ ᠨᠣᠶᠢᠲᠠᠨ ᠠᠯᠴᠢᠭᠤᠷ ᠢᠶᠠᠷ ᠶᠠᠭᠠᠬᠢᠵᠤ ᠠᠷᠴᠢᠭᠰᠠᠨ ᠴᠤ ᠲᠤᠩᠭᠠᠯᠠᠭ ᠪᠣᠯᠵᠤ ᠴᠢᠳᠠᠬᠤ᠂ ᠲᠠ ᠬᠡᠷᠪᠡ ᠲᠤᠯᠢᠨ ᠳᠡᠭᠡᠷ᠎ᠡ ᠰᠠᠪᠤᠩ ᠲᠦᠷᠬᠢᠵᠦ ᠠᠯᠴᠢᠭᠤᠷ ᠢᠶᠠᠷ ᠠᠷᠴᠢᠪᠠᠯ ᠭᠡᠭᠡᠨ ᠲᠤᠩᠭᠠᠯᠠᠭ ᠪᠤᠯᠵᠤ ᠴᠢᠳᠠᠨ᠎ᠠ᠃
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号