ᠮᠠᠰᠢᠨ ᠲᠡᠷᠬᠡ ᠪᠠᠨ ᠵᠤᠬᠢᠰᠳᠠᠢ ᠠᠷᠠᠴᠢᠯᠠᠠ ᠬᠠᠮᠠᠭᠠᠯᠠᠬᠤ ᠳᠤᠬᠠᠢ ᠳᠠᠪᠤᠠ ᠰᠠᠶᠢᠳᠠᠢ ᠲᠠᠯ᠎ᠠ
ᠨᠡᠶᠢᠲᠡᠯᠡᠭᠰᠡᠨ ᠴᠠᠭ᠄
2021/9/6
   ᠮᠠᠰᠢᠨ ᠳᠡᠷᠭᠡ ᠶᠢ ᠠᠷᠠᠴᠢᠯᠠᠨ ᠬᠠᠮᠠᠭᠠᠯᠠᠬᠤ ᠳᠤ ᠪᠠᠨ ᠯᠠᠪᠳᠠᠭᠤᠨ ᠬᠢᠨᠠᠮᠠᠭᠠᠢ ᠪᠠᠶᠢᠵᠤ᠂ ᠤᠯᠠᠨ ᠳᠠᠯ᠎ᠠ ᠶᠢᠨ ᠳᠤᠷᠰᠢᠯᠭ᠎ᠠ ᠰᠤᠷᠭᠠᠮᠵᠢ ᠪᠠᠷ ᠳᠤᠯᠢ ᠪᠤᠯᠭᠠᠪᠠᠯ ᠮᠠᠰᠢᠨ ᠳᠡᠷᠭᠡ ᠪᠠᠨ ᠵᠤᠬᠢᠰᠳᠠᠢ ᠰᠠᠶᠢᠨ ᠠᠷᠠᠴᠢᠯᠠᠨ ᠬᠠᠮᠠᠭᠠᠯᠠᠵᠤ ᠴᠢᠳᠠᠬᠤ ᠮᠦᠷᠳᠡᠭᠡᠨ ᠵᠤᠭᠤᠰ ᠮᠦᠡᠭᠬᠦ ᠪᠠᠨ ᠴᠤ ᠠᠷᠪᠢᠯᠠᠴᠢᠬᠠᠨ᠎ᠠ᠃ ᠳᠤᠤᠷ᠎ᠠ ᠭᠡᠳᠤᠨ ᠠᠩᠬᠠᠷᠬᠤ ᠵᠦᠢᠯ ᠢ ᠳᠦᠬᠦᠮ ᠳᠠᠨᠢᠯᠴᠠᠭᠤᠯᠤᠶ᠎ᠠ᠃    ᠨᠢᠭᠡ᠂ ᠰᠢᠳᠠᠭᠠᠯᠭ᠎ᠠ ᠶᠢᠨ ᠳᠤᠰᠤᠨ ᠵᠠᠮ ᠤᠨ ᠰᠢᠰᠲ᠋ᠧᠮ ᠢ ᠴᠡᠪᠡᠷᠯᠡᠵᠤ ᠬᠠᠮᠠᠭᠠᠯᠠᠬᠤ᠃ ᠡ᠊ᠩ ᠤᠨ ᠪᠠᠶᠢᠳᠠᠯ ᠳᠤ ᠮᠠᠰᠢᠨ ᠳᠡᠷᠭᠡ 1 ᠳᠦᠮᠡ ᠠᠴᠠ 1.5 ᠳᠦᠮᠡᠨ ᠺᠢᠯᠤᠮᠧᠳ᠋ᠷ ᠬᠦᠶᠦᠬᠦ ᠪᠦᠷᠢ ᠰᠢᠳᠠᠭᠠᠯᠭ᠎ᠠ ᠶᠢᠨ ᠳᠤᠰᠤᠨ ᠵᠠᠮ ᠢ ᠴᠡᠪᠡᠷᠯᠡᠵᠤ ᠬᠠᠮᠠᠭᠠᠯᠠᠬᠤ ᠪᠤᠶᠤ ᠬᠦᠳᠡᠯᠭᠡᠬᠦᠷ ᠨᠢ ᠴᠡᠴᠡᠷᠡᠬᠦ᠂ ᠬᠤᠷᠳᠤᠴᠠ ᠨᠢ ᠤᠳᠠᠭᠠᠰᠢᠷᠠᠬᠤ᠂ ᠬᠠᠷ᠎ᠠ ᠤᠳᠤᠭ᠎ᠠ ᠭᠠᠷᠬᠤ᠂ ᠬᠦᠴᠤ ᠨᠢ ᠮᠠᠭᠤᠳᠠᠬᠤ᠂ ᠳᠤᠰᠤ ᠰᠢᠳᠠᠭᠠᠬᠤ ᠭᠡᠮᠵᠢᠶ᠎ᠡ ᠨᠢ ᠶᠡᠭᠡᠰᠬᠦ ᠦᠶ᠎ᠡ ᠳᠤ ᠰᠢᠳᠠᠭᠠᠯᠭ᠎ᠠ ᠶᠢᠨ ᠳᠤᠰᠤᠨ ᠵᠠᠮ ᠢ ᠨᠢᠭᠡ ᠤᠳᠠᠭ᠎ᠠ ᠴᠡᠪᠡᠷᠯᠡᠵᠤ ᠬᠠᠮᠠᠭᠠᠯᠠᠬᠤ ᠭᠡᠷᠡᠭᠳᠡᠢ᠃   ᠬᠤᠶᠠᠷ᠂ ᠭᠤᠯᠭᠤᠭᠤᠷ ᠤᠨ ᠰᠢᠰᠲ᠋ᠧᠮ ᠢ ᠰᠠᠶᠢᠳᠤᠷ ᠴᠡᠪᠡᠷᠯᠡᠵᠤ ᠬᠠᠮᠠᠭᠠᠯᠠᠬᠤ᠃ ᠭᠤᠯᠭᠤᠭᠤᠷ ᠤᠨ ᠰᠢᠰᠲ᠋ᠧᠮ ᠨᠢ ᠮᠠᠰᠢᠨ ᠳᠡᠷᠭᠡᠨ ᠤ ᠬᠦᠳᠡᠯᠭᠡᠬᠦᠷ ᠤᠨ ᠡᠯ᠎ᠡ ᠳᠤᠨᠤᠭ ᠢ ᠪᠦᠳᠦᠮᠵᠢ ᠲᠠᠢ ᠪᠠᠷ ᠭᠤᠯᠭᠤᠭᠤᠯᠬᠤ ᠳᠤ ᠴᠢᠬᠤᠯᠠ ᠦᠢᠯᠡᠳᠤᠯ ᠦᠵᠡᠬᠦᠯᠵᠤ᠂ ᠭᠡᠳᠦᠷᠭᠡᠢ ᠱᠦᠷᠬᠦᠭᠡᠭᠳᠡᠵᠤ ᠡᠯᠡᠭᠳᠡᠬᠦ ᠠᠴᠠ ᠰᠡᠷᠭᠡᠶᠢᠯᠡᠳᠡᠭ᠃ ᠡ᠊ᠩ ᠤᠨ ᠪᠠᠶᠢᠳᠠᠯ ᠳᠤ ᠮᠠᠰᠢᠨ ᠳᠡᠷᠭᠡ 5 ᠮᠢᠩᠭ᠎ᠠ ᠠᠴᠠ 1 ᠳᠦᠮᠡᠨ ᠺᠢᠯᠤᠮᠧᠳ᠋ᠷ ᠬᠦᠶᠦᠬᠦ ᠪᠦᠷᠢ ᠨᠢᠭᠡ ᠤᠳᠠᠭ᠎ᠠ ᠴᠡᠪᠡᠷᠯᠡᠵᠤ ᠠᠷᠠᠴᠢᠯᠠᠨ᠂ ᠬᠦᠳᠡᠯᠭᠡᠬᠦᠷ ᠤᠨ ᠳᠠᠭᠤᠨ ᠶᠡᠭᠡ ᠪᠤᠯᠬᠤ᠂ ᠬᠤᠷᠳᠤᠴᠠ ᠶᠢ ᠨᠡᠮᠡᠭᠰᠡᠨ ᠴᠤ ᠬᠤᠷᠳᠤᠴᠠ ᠨᠢ ᠳᠦᠷᠭᠡᠳᠬᠦ ᠦᠭᠡᠢ᠂ ᠤᠰᠤ ᠨᠢ ᠳᠡᠩᠳᠡᠬᠦᠤ ᠬᠠᠯᠠᠵᠤ ᠪᠠᠶᠢᠪᠠᠯ ᠨᠢᠭᠡ ᠤᠳᠠᠭ᠎ᠠ ᠴᠡᠪᠡᠷᠯᠡᠨ ᠠᠷᠠᠴᠢᠯᠠᠬᠤ ᠭᠡᠷᠡᠭᠳᠡᠢ᠃    ᠭᠤᠷᠪᠠ᠂ ᠬᠦᠷᠦᠭᠡᠬᠦᠷ ᠤᠨ ᠰᠢᠰᠲ᠋ᠧᠮ ᠢ ᠴᠡᠪᠡᠷᠯᠡᠵᠤ ᠬᠠᠮᠠᠭᠠᠯᠠᠬᠤ᠃ ᠡ᠊ᠩ ᠤᠨ ᠪᠠᠶᠢᠳᠠᠯ ᠳᠤᠤᠷ᠎ᠠ᠂ ᠡᠪᠤᠯ ᠤᠨ ᠤᠯᠠᠷᠢᠯ ᠪᠤᠯᠬᠤ ᠪᠤᠶᠤ ᠵᠤᠨ ᠤ ᠤᠯᠠᠷᠢᠯ ᠪᠤᠯᠬᠤ ᠪᠦᠷᠢ ᠨᠢᠭᠡ ᠤᠳᠠᠭ᠎ᠠ ᠴᠡᠪᠡᠷᠯᠡᠨ ᠬᠠᠮᠠᠭᠠᠯᠠᠬᠤ ᠪᠤᠶᠤ ᠭᠡᠪ ᠤᠨ ᠶᠤᠰᠤᠭᠠᠷ 6 — 8 ᠰᠠᠷ᠎ᠠ ᠬᠦᠶᠦᠬᠦ ᠪᠦᠷᠢ ᠨᠢᠭᠡ ᠤᠳᠠᠭ᠎ᠠ ᠴᠡᠪᠡᠷᠯᠡᠵᠤ ᠠᠷᠠᠴᠢᠯᠠᠨ᠂ ᠤᠰᠤ ᠨᠢ ᠭᠡᠳᠦᠷᠭᠡᠢ ᠬᠠᠯᠠᠬᠤ ᠪᠠ ᠤᠰᠤ ᠨᠢ ᠭᠤᠭᠤᠵᠢᠪᠠᠯ ᠨᠢᠭᠡ ᠤᠳᠠᠭ᠎ᠠ ᠴᠡᠪᠡᠷᠯᠡᠨ ᠠᠷᠢᠯᠭᠠᠬᠤ ᠭᠡᠷᠡᠭᠳᠡᠢ᠃ ᠡᠬᠦᠨ ᠤ ᠳᠠᠭᠠᠤ ᠬᠠᠭᠤᠴᠢᠨ ᠬᠦᠷᠦᠭᠡᠬᠦᠷ ᠰᠢᠩᠭᠡᠨ ᠢ ᠰᠤᠯᠢᠬᠤ ᠭᠡᠷᠡᠭᠳᠡᠢ᠃    ᠳᠦᠷᠪᠡ᠂ ᠬᠦᠳᠡᠯᠭᠡᠬᠦ ᠬᠦᠴᠤᠨ ᠤ ᠵᠠᠯᠠᠭᠤᠷ ᠤᠨ ᠰᠢᠰᠲ᠋ᠧᠮ ᠢ ᠠᠷᠠᠴᠢᠯᠠᠨ ᠬᠠᠮᠠᠭᠠᠯᠠᠬᠤ᠃ ᠮᠠᠰᠢᠨ ᠳᠡᠷᠭᠡ 4 ᠳᠦᠮᠡ ᠠᠴᠠ 4.5 ᠳᠦᠮᠡᠨ ᠺᠢᠯᠤᠮᠧᠳ᠋ᠷ ᠬᠦᠶᠦᠬᠦ ᠪᠦᠷᠢ ᠨᠢᠭᠡ ᠤᠳᠠᠭ᠎ᠠ ᠴᠡᠪᠠᠷᠯᠡᠨ ᠠᠷᠠᠴᠢᠯᠠᠬᠤ ᠪᠤᠶᠤ ᠵᠠᠯᠠᠬᠤ ᠳᠤ ᠬᠦᠴᠢᠷᠳᠡᠢ ᠪᠤᠯᠬᠤ᠂ ᠰᠢᠰᠲ᠋ᠧᠮ ᠨᠢ ᠳᠤᠰᠤ ᠭᠤᠭᠤᠵᠢᠬᠤ᠂ ᠬᠦᠳᠡᠯᠭᠡᠬᠦ ᠬᠦᠴᠤᠨ ᠤ ᠵᠠᠯᠠᠭᠤᠷ ᠤᠨ ᠰᠡᠯᠪᠢᠭ ᠳᠤᠨᠤᠭ ᠢ ᠰᠤᠯᠢᠭᠰᠠᠨ ᠤ ᠳᠠᠷᠠᠭ᠎ᠠ ᠴᠤ ᠨᠢᠭᠡ ᠤᠳᠠᠭ᠎ᠠ ᠴᠡᠪᠡᠷᠯᠡᠨ ᠠᠷᠠᠴᠢᠯᠠᠵᠤ᠂ ᠳᠤᠰ ᠰᠢᠰᠲ᠋ᠧᠮ ᠳᠤ ᠨᠠᠭᠠᠯᠳᠤᠭᠰᠠᠨ ᠳᠤᠰᠤ᠂ ᠰᠢᠷᠤᠢ ᠳᠤᠭᠤᠰᠤ᠂ ᠰᠢᠷ ᠪᠤᠳᠤᠭ ᠤᠨ ᠨᠤᠨᠳᠠᠭ ᠵᠡᠷᠭᠡ ᠶᠢ ᠰᠠᠶᠢᠳᠤᠷ ᠴᠡᠪᠡᠷᠯᠡᠨ ᠠᠷᠢᠯᠭᠠᠬᠤ ᠭᠡᠷᠡᠭᠳᠡᠢ᠃    ᠳᠠᠪᠤ᠂ ᠬᠤᠷᠳᠤᠴᠠ ᠶᠢᠨ ᠬᠤᠪᠢᠰᠬᠠᠭᠤᠷ ᠢ ᠴᠡᠪᠡᠷᠯᠡᠵᠤ ᠬᠠᠮᠠᠭᠠᠯᠠᠬᠤ᠃ ᠮᠠᠰᠢᠨ ᠳᠡᠷᠭᠡ 2 ᠳᠦᠮᠡ ᠠᠴᠠ 2. 5 ᠳᠦᠮᠡᠨ ᠺᠢᠯᠤᠮᠧᠳ᠋ᠷ ᠬᠦᠶᠦᠬᠦ ᠪᠦᠷᠢ ᠨᠢᠭᠡ ᠤᠳᠠᠭ᠎ᠠ ᠴᠡᠪᠡᠷᠯᠡᠨ ᠠᠷᠠᠴᠢᠯᠠᠬᠤ ᠪᠤᠶᠤ ᠬᠤᠷᠳᠤᠴᠠ ᠶᠢᠨ ᠬᠤᠪᠢᠰᠬᠠᠭᠤᠷ ᠨᠢ ᠬᠠᠯᠳᠤᠷᠢᠬᠤ᠂ ᠤᠰᠤ ᠨᠢ ᠳᠡᠩᠳᠡᠬᠦᠤ ᠬᠠᠯᠠᠭᠤᠨ ᠪᠤᠯᠬᠤ᠂ ᠬᠤᠷᠳᠤ ᠳᠤᠬᠢᠷᠠᠭᠤᠯᠬᠤ ᠳᠤ ᠬᠦᠴᠢᠷᠳᠡᠢ ᠪᠤᠯᠬᠤ᠂ ᠰᠢᠰᠲ᠋ᠧᠮ ᠨᠢ ᠳᠤᠰᠤ ᠭᠤᠭᠤᠵᠢᠬᠤ ᠦᠶ᠎ᠡ ᠳᠤ ᠨᠢᠭᠡ ᠤᠳᠠᠭ᠎ᠠ ᠴᠡᠪᠡᠷᠯᠡᠨ ᠠᠷᠠᠴᠢᠯᠠᠵᠤ᠂ ᠬᠠᠭᠤᠴᠢᠨ ᠬᠤᠷᠳᠤ ᠳᠤᠬᠢᠷᠠᠭᠤᠯᠤᠭᠴᠢ ᠶᠢᠨ ᠳᠤᠰᠤ ᠶᠢ ᠰᠤᠯᠢᠬᠤ ᠭᠡᠷᠡᠭᠳᠡᠢ᠃  
 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠲᠡᠭᠡ ᠶᠢᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号