ᠤᠳᠤᠬᠤ ᠡᠮᠴᠢᠯᠡᠭᠡ | ᠵᠤᠨ ᠤ ᠤᠯᠠᠷᠢᠯ ᠳᠤ ᠬᠤᠨᠢ ᠢᠮᠠᠭ᠎ᠠ ᠡᠪᠡᠰᠦ ᠨᠤᠭᠤᠭᠠᠨ ᠳᠤ ᠬᠦᠢᠴᠡᠳ ᠴᠠᠳᠬᠤ ᠦᠶ᠎ᠡ ᠳᠤ ᠰᠠᠶ᠋ᠢ ᠬᠤᠨᠢ ᠢᠮᠠᠭᠠᠨ ᠳᠤ ᠣᠳᠣᠬᠤ ᠡᠮᠴᠢᠯᠡᠭᠡ ᠬᠢᠳᠡᠭ᠃ | ᠤᠳᠤᠬᠤ ᠬᠤᠨᠢ ᠢᠮᠠᠭ᠎ᠠ ᠶᠢ ᠬᠤᠶᠠᠷ ᠡᠳᠦᠷ ᠪᠡᠯᠴᠢᠬᠡᠬᠦ ᠦᠬᠡᠢ ᠪᠠᠷ ᠬᠤᠷᠢᠵᠤ ᠬᠠᠭᠰᠠᠷᠠᠭᠠᠬᠤ ᠴᠢᠬᠤᠯᠠ ᠲᠠᠢ᠂ ᠢᠩᠭᠢᠪᠡᠯ ᠮᠠᠯ ᠤᠨ ᠤᠯᠠᠨ ᠵᠦᠢᠯ ᠤᠨ ᠬᠤᠷᠤᠬᠠᠢ | ᠶᠢ ᠦᠯᠡᠳᠡᠬᠡᠯ ᠦᠬᠡᠢ ᠲᠠᠭᠤᠬᠤ ᠪᠠ ᠪᠤᠰᠤᠳ ᠡᠪᠡᠳᠴᠢᠨ ᠢ ᠵᠠᠰᠠᠬᠤ᠂ ᠰᠡᠷᠬᠡᠶᠢᠯᠡᠬᠦ ᠳᠤ ᠲᠤᠩ ᠴᠢᠬᠤᠯᠠ ᠦᠢᠯᠡᠳᠦᠯ ᠦᠵᠡᠬᠦᠯᠳᠡᠭ ᠶᠤᠮ᠃ ᠤᠳᠤᠬᠤ ᠡᠮᠴᠢᠯᠡᠭᠡ | ᠬᠢᠭᠰᠡᠨ ᠮᠠᠯ ᠳᠤ 2 — 3 ᠵᠢᠯ ᠤᠨ ᠲᠤᠳᠤᠷ᠎ᠠ ᠶᠠᠮᠠᠷ ᠴᠤ ᠡᠪᠡᠳᠴᠢᠨ ᠬᠡᠮ ᠬᠡᠵᠦ ᠢᠯᠡᠷᠡᠳᠡᠭ ᠦᠬᠡᠢ᠃ | ᠵᠢᠬᠡᠮᠡ ᠪᠠᠷ ᠤᠰᠤᠯᠠᠬᠤ | ᠵᠤᠨ ᠳᠠᠭᠠᠨ ᠬᠤᠨᠢ ᠢᠮᠠᠭ᠎ᠠ ᠪᠠᠨ ᠵᠢᠬᠡᠮᠡ ᠪᠠᠷ ᠤᠰᠤᠯᠠᠵᠤ ᠮᠠᠯ ᠤᠨ ᠲᠤᠳᠤᠷ᠎ᠠ ᠬᠠᠯᠠᠭᠠᠨ ᠪᠠ ᠬᠡᠳᠡᠰᠦ ᠬᠤᠳᠤᠭᠤᠳᠤ ᠶᠢᠨ ᠬᠤᠷᠤᠬᠠᠢ ᠶᠢ ᠠᠷᠢᠯᠭᠠᠬᠤ | ᠠᠷᠭ᠎ᠠ ᠪᠤᠯ ᠤᠷᠠᠳ ᠨᠤᠳᠤᠭ ᠤᠨ ᠮᠡᠯ ᠡᠮᠴᠢᠯᠡᠭᠡ ᠶᠢᠨ ᠠᠷᠭ᠎ᠠ ᠪᠤᠯᠤᠨ᠎ᠠ᠃ ᠡᠨᠡ ᠨᠢ ᠬᠢᠬᠦ ᠳᠤ ᠲᠦᠬᠦᠮ᠂ ᠦᠢᠯᠡᠳᠦᠯ ᠨᠢ ᠲᠦᠷᠭᠡᠨ ᠪᠦᠬᠡᠳ ᠴᠢᠨᠠᠷ ᠰᠠᠶᠢᠳᠠᠢ | ᠡᠮᠴᠢᠯᠡᠭᠡ ᠪᠤᠯᠬᠤ ᠲᠤᠯᠠ ᠤᠳᠠᠭᠠᠨ ᠵᠢᠯ ᠤᠯᠠᠮᠵᠢᠯᠠᠭᠳᠠᠨ ᠬᠡᠷᠡᠭᠯᠡᠭᠳᠡᠭᠰᠡᠬᠡᠷ ᠢᠷᠡᠵᠡᠢ᠃ | ᠮᠠᠯ ᠤᠬᠢᠶᠠᠬᠤ ᠡᠮᠴᠢᠯᠡᠭᠡ | ᠬᠤᠨᠢ ᠢᠮᠠᠭᠠᠨ ᠤ ᠪᠦᠬᠡᠰᠦ ᠰᠢᠷᠭᠡ ᠶᠢ ᠠᠷᠢᠯᠭᠠᠬᠤ ᠶᠢᠨ ᠲᠦᠯᠦᠬᠡ ᠵᠢᠯ ᠪᠦᠷᠢ ᠶᠢᠨ ᠵᠤᠨ ᠤ ᠤᠯᠠᠷᠢᠯ ᠳᠤ ᠬᠤᠨᠢ ᠢᠮᠠᠭ᠎ᠠ ᠪᠠᠨ ᠨᠢᠬᠡ ᠤᠳᠠᠭ᠎ᠠ ᠨᠠᠭᠤᠷ | ᠪᠦᠷᠢᠳᠦ ᠶᠢᠨ ᠬᠦᠨ ᠤᠰᠤᠨ ᠳᠤ ᠲᠤᠭᠤᠵᠤ ᠤᠷᠤᠭᠤᠯᠤᠭᠠᠳ ᠤᠬᠢᠶᠠᠳᠠᠭ᠃ ᠬᠤᠵᠢᠷ ᠶᠡᠬᠡᠳᠡᠢ ᠤᠰᠤ ᠪᠤᠯ ᠤᠯᠠᠮ ᠰᠠᠶᠢᠨ ᠪᠠᠶᠢᠳᠠᠭ᠃ ᠢᠩᠭᠢᠵᠦ ᠤᠬᠢᠶᠠᠪᠠᠯ ᠮᠠᠯ | ᠤᠨ ᠪᠦᠬᠡᠰᠦ ᠰᠢᠷᠭᠡ ᠶᠢ ᠠᠷᠢᠯᠠᠭᠠᠵᠤ ᠴᠢᠳᠠᠨ᠎ᠠ᠃ | ᠮᠠᠯ ᠳᠤ ᠬᠤᠵᠢᠷ ᠲᠤᠯᠢᠶᠠᠯᠭᠠᠬᠤ | ᠬᠤᠨᠢ ᠢᠮᠠᠭ᠎ᠠ᠂ ᠦᠬᠡᠷ ᠬᠤᠵᠢᠷᠰᠢᠭᠰᠠᠭᠠᠷ ᠬᠠᠭᠤᠴᠢᠨ ᠮᠠᠭᠤ ᠠᠷᠠᠰᠤ ᠰᠢᠷᠢ ᠪᠠ ᠬᠤᠪᠠᠭ᠋ᠠᠢ ᠶᠠᠰᠤ ᠶᠢ ᠲᠤᠯᠢᠶᠠᠬᠤ ᠨᠢ ᠠᠷᠪᠢᠨ ᠪᠤᠯᠳᠠᠭ᠃ ᠡᠶᠢᠮᠦ ᠦᠶ᠎ᠡ | ᠳᠤ ᠮᠠᠯ ᠢᠶᠠᠨ ᠲᠠᠭᠤᠵᠤ ᠨᠠᠭᠤᠷ ᠭᠤᠤᠯ ᠤᠨ ᠬᠦᠪᠡᠭᠡ ᠵᠠᠬ᠎ᠠ ᠶᠢᠨ ᠨᠠᠮᠤᠭ ᠲᠠᠢ ᠬᠤᠵᠢᠷᠯᠢᠭ ᠭᠠᠵᠠᠷ ᠲᠤ ᠪᠡᠯᠴᠢᠬᠡᠨ ᠬᠠᠨᠤᠳᠠᠯ᠎ᠠ ᠰᠠᠶᠢᠨ ᠬᠤᠵᠢᠷ ᠲᠠᠢ ᠰᠢᠷᠤᠢ ᠶᠢ | ᠲᠤᠯᠢᠶᠠᠯᠭᠠᠪᠠᠯ ᠰᠠᠶᠢᠨ ᠶᠤᠮ᠃ ᠡᠪᠦᠯ ᠴᠠᠭ ᠲᠤ ᠮᠠᠯ ᠢᠶᠠᠨ ᠤᠰᠤᠯᠠᠬᠤ ᠳᠤ ᠤᠩᠭᠤᠴᠠ ᠲᠠᠢ ᠤᠰᠤᠨ ᠳᠤ ᠲᠤᠭᠳᠠᠭᠰᠠᠨ ᠬᠡᠮᠵᠢᠶ᠎ᠡ ᠪᠠᠷ ᠲᠠᠪᠤᠰᠤᠨ ᠲᠠᠮᠠᠭ᠎ᠠ ᠬᠢᠵᠦ | ᠤᠰᠤᠯᠠᠳᠠᠭ᠃ ᠢᠩᠭᠢᠪᠡᠯ ᠮᠠᠯ ᠤᠨ ᠡᠯᠳᠡᠪ ᠬᠡᠮ ᠬᠢᠵᠢᠭ ᠲᠡᠯᠬᠡᠷᠡᠬᠦ ᠠᠴᠠ ᠰᠡᠷᠬᠡᠶᠢᠯᠡᠵᠦ ᠴᠢᠳᠠᠨ᠎ᠠ᠃ |