ᠬᠡᠳᠥᠨ ᠬᠤᠨᠤᠭ ᠦᠷᠬᠦᠯᠵᠢᠯᠡᠨ ᠡᠮᠥᠨ᠎ᠡ ᠠᠴᠠ ᠪᠤᠶᠤ ᠪᠠᠷᠠᠭᠤᠨ ᠡᠮᠥᠨ᠎ᠡ ᠠᠴᠠ ᠬᠠᠯᠠᠭᠤᠨ ᠬᠠᠭᠤᠷᠠᠢ ᠰᠠᠯᠬᠢᠯᠠᠪᠠᠯ ᠡᠪᠥᠯ᠂ ᠬᠠᠪᠤᠷ ᠤᠨ ᠤᠯᠡᠷᠢᠯ ᠳᠤ ᠴᠠᠰᠤ | ᠤᠷᠤᠵᠥ ᠰᠢᠭᠤᠷᠭ᠎ᠠ ᠰᠢᠭᠤᠷᠠᠬᠤ᠂ ᠵᠤᠨ ᠤ ᠴᠠᠭ ᠲᠤ ᠪᠤᠯ ᠰᠠᠯᠬᠢ ᠰᠢᠷᠥᠭᠦᠰᠴᠤ ᠪᠤᠷᠤᠭ᠎ᠠ ᠤᠷᠤᠵᠥ ᠬᠦᠢᠲᠡᠷᠡᠬᠦ᠃ | ᠦᠳᠡᠰᠢ ᠤᠷᠤᠢ ᠶᠢᠨ ᠴᠠᠭ ᠢᠶᠠᠷ ᠰᠠᠯᠬᠢ ᠰᠢᠷᠥᠬᠦᠰᠪᠡᠯ ᠲᠩᠷᠢ ᠮᠠᠭᠤᠳᠠᠵᠥ ᠰᠢᠭᠤᠷᠭ᠎ᠠ ᠰᠢᠭᠤᠷᠴᠤ ᠴᠠᠰᠤ ᠪᠤᠷᠤᠭ᠎ᠠ ᠤᠷᠤᠬᠤ ᠪᠤᠯᠤᠨ᠎ᠠ᠃ | ᠪᠤᠷᠤᠭ᠎ᠠ ᠤᠷᠤᠵᠥ ᠪᠠᠶᠢᠬᠤ ᠳᠤ ᠵᠡᠬᠦᠨ ᠤᠷᠢᠳᠥ᠂ ᠵᠡᠬᠦᠨ ᠵᠦᠭ ᠲᠤ ᠰᠤᠯᠤᠩᠭ᠎ᠠ ᠲᠠᠳᠠᠪᠠᠯ ᠪᠤᠷᠤᠭ᠎ᠠ ᠠᠷᠢᠯᠠᠳᠠᠭ᠃ | ᠪᠤᠷᠤᠭ᠎ᠠ ᠤᠷᠤᠭᠠᠳ ᠵᠤᠭᠰᠤᠭᠰᠠᠨ ᠤ ᠲᠠᠷᠠᠭ᠎ᠠ ᠡᠬᠦᠯᠨ ᠬᠤᠶᠢᠰᠢ ᠪᠠᠨ ᠨᠡᠬᠦᠵᠥ ᠪᠠᠶᠢᠪᠠᠯ ᠳᠠᠬᠢᠨ ᠪᠤᠷᠤᠭ᠎ᠠ ᠤᠷᠤᠨ᠎ᠠ᠂ ᠤᠷᠤᠭᠰᠢ ᠪᠠᠨ ᠨᠡᠬᠦᠵᠥ ᠪᠠᠶᠢᠪᠠᠯ | ᠲᠩᠷᠢ ᠴᠡᠯᠮᠡᠵᠥ ᠳᠠᠬᠢᠨ ᠪᠤᠷᠤᠭ᠎ᠠ ᠤᠷᠤᠬᠤ ᠦᠭᠡᠢ᠃ ᠴᠠᠰᠤ᠂ ᠪᠤᠷᠤᠭᠠᠨ ᠤ ᠲᠤᠰᠤᠯ ᠰᠢᠷᠬᠢᠭ ᠨᠢ ᠵᠢᠵᠢᠭ ᠪᠠᠶᠢᠪᠠᠯ ᠤᠳᠠᠭᠠᠨ ᠤᠷᠤᠬᠤ᠂ ᠲᠤᠮᠤ ᠪᠠᠶᠢᠪᠠᠯ | ᠦᠷᠭᠦᠯᠵᠢᠯᠡᠬᠦ ᠨᠢ ᠪᠤᠭᠤᠨᠢᠬᠠᠨ ᠪᠠᠶᠢᠨ᠎ᠠ᠃ | ᠴᠠᠰᠤ᠂ ᠪᠤᠷᠤᠭ᠎ᠠ ᠤᠷᠤᠵᠥ ᠪᠠᠶᠢᠬᠤ ᠳᠤ ᠰᠠᠯᠬᠢ ᠰᠢᠷᠥᠬᠦᠨ ᠪᠠᠶᠢᠪᠠᠯ ᠤᠳᠠᠬᠤ ᠦᠭᠡᠢ ᠲᠩᠷᠢ ᠴᠡᠯᠮᠡᠨ᠎ᠡ᠂ ᠰᠠᠯᠬᠢ ᠵᠦᠭᠡᠯᠡᠨ ᠪᠠᠶᠢᠪᠠᠯ ᠴᠠᠰᠤ᠂ ᠪᠤᠷᠤᠭ᠎ᠠ | ᠤᠳᠠᠭᠠᠨ ᠤᠷᠤᠳᠠᠭ᠃ ᠴᠠᠰᠤ᠂ ᠪᠤᠷᠤᠭ᠎ᠠ ᠤᠷᠤᠵᠥ ᠪᠠᠶᠢᠬᠤ ᠳᠤ ᠰᠠᠯᠬᠢ ᠵᠡᠬᠦᠨ ᠬᠤᠶᠢᠨ᠎ᠠ ᠠᠴᠠ ᠪᠤᠯᠪᠠᠯ ᠤᠳᠠᠭᠠᠨ ᠤᠷᠤᠬᠤ ᠶᠢᠨ ᠰᠢᠨᠵᠢ᠃ | ᠡᠬᠦᠯᠨ ᠬᠤᠭᠤᠷᠤᠨᠳᠥ ᠪᠠᠨ ᠵᠦᠷᠢᠪᠡᠯ ᠴᠠᠰᠤ ᠤᠷᠤᠨ᠎ᠠ᠃ | ᠵᠤᠨ ᠤ ᠤᠯᠡᠷᠢᠯ ᠳᠤ ᠡᠳᠥᠷ ᠨᠢ ᠶᠡᠭᠡ ᠬᠠᠯᠠᠭᠤᠨ᠃ ᠰᠦᠨᠢ ᠨᠢ ᠶᠡᠭᠡ ᠬᠦᠢᠲᠡᠨ ᠪᠠᠶᠢᠪᠠᠯ ᠭᠠᠩᠳᠠᠬᠤ ᠶᠢᠨ ᠰᠢᠨᠵᠢ᠃ | ᠰᠦᠨᠢ ᠳᠡᠭᠡᠨ ᠡᠬᠦᠯᠨ ᠠᠷᠢᠯᠠᠬᠤ ᠦᠭᠡᠢ ᠬᠤᠨᠤᠪᠠᠯ ᠬᠤᠷ᠎ᠠ ᠪᠤᠷᠤᠭ᠎ᠠ ᠤᠷᠤᠨ᠎ᠠ᠃ | ᠠᠳᠠᠷ ᠪᠤᠷᠤᠭ᠎ᠠ ᠲᠠᠭᠤ ᠪᠠᠭ᠎ᠠ ᠲᠠᠢ ᠪᠤᠯ ᠶᠡᠭᠡ ᠤᠷᠤᠳᠠᠭ᠂ ᠲᠠᠭᠤ ᠶᠡᠭᠡᠲᠡᠢ ᠪᠤᠯ ᠪᠠᠭ᠎ᠠ ᠤᠷᠤᠳᠠᠭ᠃ | ᠭᠡᠷᠪᠡ ᠡᠬᠦᠯᠡᠨ ᠤ ᠲᠤᠯᠤᠭᠠᠢ ᠬᠤᠶᠢᠰᠢ ᠪᠠᠨ ᠪᠦᠬᠡᠶᠢᠭᠰᠡᠨ ᠪᠠᠶᠢᠪᠠᠯ ᠬᠤᠷ᠎ᠠ ᠲᠤᠨᠤᠳᠠᠰᠤ ᠤᠷᠤᠨ᠎ᠠ᠃ | ᠴᠠᠰᠤ ᠪᠤᠷᠤᠭ᠎ᠠ ᠤᠷᠤᠵᠥ ᠪᠠᠶᠢᠬᠤ ᠡᠬᠦᠯᠨ ᠰᠠᠯᠬᠢᠨ ᠤ ᠬᠢᠨ ᠵᠦᠭ ᠲᠤ ᠬᠦᠨᠳᠡᠯᠡᠨ ᠪᠠᠶᠢᠷᠢᠯᠠᠪᠠᠯ ᠲᠩᠷᠢ ᠴᠡᠯᠮᠡᠨ᠎ᠡ᠃ | ᠲᠩᠷᠢ ᠴᠡᠯᠮᠡᠭ ᠪᠠᠶᠢᠬᠤ ᠳᠤ ᠨᠢᠮᠭᠡᠨ ᠴᠠᠭᠠᠨ ᠡᠬᠦᠯᠨ ᠲᠩᠷᠢ ᠶᠢᠨ ᠬᠠᠶᠠᠭᠠᠨ ᠠᠴᠠ ᠤᠷᠢᠳᠥ ᠪᠠᠷ ᠰᠤᠨᠠᠵᠥ ᠪᠤᠢ ᠪᠤᠯᠪᠠᠯ ᠴᠠᠰᠤ᠂ ᠪᠤᠤᠭᠠ ᠤᠷᠤᠬᠤ ᠪᠠ | ᠰᠠᠯᠬᠢ ᠰᠢᠷᠥᠬᠦᠰᠴᠤ ᠰᠢᠭᠤᠷᠭ᠎ᠠ ᠰᠢᠭᠤᠷᠠᠨ᠎ᠠ᠃ | ᠬᠠᠷ᠎ᠠ ᠴᠢᠬᠢᠭ᠂ ᠰᠢᠭᠦᠳᠡᠷ᠂ ᠤᠨᠠᠬᠤ᠂ ᠬᠢᠷᠠᠭᠤ ᠪᠠᠭᠤᠬᠤ ᠨᠢ ᠮᠠᠷᠢᠭᠠᠰᠢ ᠳᠠᠭᠠᠨ ᠲᠩᠷᠢ ᠴᠡᠯᠮᠡᠭ᠂ ᠬᠤᠷ᠎ᠠ ᠲᠤᠨᠤᠳᠠᠰᠤ ᠦᠭᠡᠢ ᠪᠠᠶᠢᠨ᠎ᠠ᠃ | ᠰᠦᠨᠢ ᠳᠡᠭᠡᠨ ᠮᠠᠨᠠᠨ ᠡᠭᠦᠰᠪᠡᠯ ᠮᠠᠷᠢᠭᠠᠰᠢ ᠨᠢ ᠬᠤᠷ᠎ᠠ ᠲᠤᠨᠤᠳᠠᠰᠤ ᠦᠭᠡᠢ ᠪᠠᠶᠢᠨ᠎ᠠ᠃ | ᠰᠦᠨᠢ ᠶᠢᠨ ᠴᠠᠭ ᠢᠶᠠᠷ ᠬᠤᠳᠤᠭᠤᠷ ᠬᠦᠨᠳᠢ ᠭᠠᠵᠠᠷ ᠬᠦᠢᠲᠡᠪᠳᠥᠷ᠂ ᠲᠤᠪᠤ ᠦᠨᠳᠥᠷ ᠭᠠᠵᠠᠷ ᠢᠶᠠᠷ ᠲᠤᠯᠠᠭᠠᠪᠳᠤᠷ ᠪᠠᠶᠢᠬᠤ ᠨᠢ ᠮᠠᠷᠢᠭᠠᠰᠢ ᠨᠢ ᠴᠠᠭ ᠠᠭᠠᠷ | ᠲᠤᠭᠳᠠᠭᠤᠨ ᠪᠠᠶᠢᠬᠤ ᠶᠢᠨ ᠰᠢᠨᠵᠢ᠃ ᠦᠷᠯᠥᠬᠡᠭᠦᠷ ᠲᠩᠷᠢ ᠳᠤ ᠨᠢᠭᠡ ᠲᠦᠪᠰᠢᠨ ᠳᠤ ᠰᠠᠭᠤᠷᠢᠲᠠᠢ ᠪᠡᠶ᠎ᠡ ᠪᠡᠶ᠎ᠡ ᠳᠡᠭᠡᠨ ᠤᠭᠰᠠᠷᠠᠯᠳᠠᠭᠰᠠᠨ ᠨᠤᠬᠠᠢ ᠶᠢᠨ ᠰᠢᠳᠥ ᠰᠢᠭ | ᠬᠡᠯᠪᠡᠷᠢ ᠶᠢᠨ ᠵᠢᠵᠢᠭᠬᠡᠨ ᠴᠠᠭᠠᠨ ᠡᠬᠦᠯᠨ ᠭᠠᠷᠤᠪᠠᠯ ᠦᠳᠡ ᠠᠴᠠ ᠬᠤᠶᠢᠰᠢ ᠲᠠᠭᠤᠲᠠᠢ ᠪᠤᠷᠤᠭ᠎ᠠ ᠤᠷᠤᠨ᠎ᠠ᠃ | ᠦᠷᠯᠦᠭᠡ ᠮᠠᠨᠠᠨ ᠲᠡᠭᠰᠢ ᠬᠦᠭᠡᠷᠡᠵᠥ ᠡᠬᠦᠯᠨ ᠪᠤᠯᠪᠠᠯ ᠪᠤᠷᠤᠭ᠎ᠠ ᠤᠷᠤᠨ᠎ᠠ᠃ | ᠵᠤᠨ ᠤ ᠴᠠᠭ ᠲᠤ ᠪᠦᠭᠡᠮ ᠪᠦᠭᠡᠮ ᠪᠤᠳᠠᠩ ᠲᠠᠳᠠᠪᠠᠯ ᠪᠤᠷᠤᠭ᠎ᠠ ᠤᠷᠤᠨ᠎ᠠ᠃ | ᠬᠠᠪᠤᠷ ᠤᠨ ᠴᠠᠭ ᠲᠤ ᠭᠡᠨᠡᠳᠲᠡ ᠶᠡᠭᠡ ᠬᠠᠯᠠᠪᠠᠯ ᠤᠳᠠᠬᠤ ᠦᠭᠡᠢ ᠰᠢᠭᠤᠷᠭᠠᠨ ᠪᠤᠯᠤᠨ᠎ᠠ᠃ | ᠰᠠᠯᠬᠢ ᠵᠡᠬᠦᠨ ᠠᠴᠠ ᠪᠤᠯ ᠬᠤᠷ᠎ᠠ ᠤᠷᠤᠨ᠎ᠠ᠃ | ᠨᠤᠭᠤᠭᠠᠨ ᠲᠤᠤᠷᠡᠬᠢ ᠴᠢᠯᠠᠭᠤ ᠶᠡᠭᠡ ᠲᠤᠭᠤᠰᠤ ᠲᠠᠢ ᠲᠡᠷᠨ ᠵᠢᠯ ᠴᠠᠰᠤ ᠶᠡᠭᠡ ᠤᠷᠤᠳᠠᠭ᠃ | ᠰᠠᠯᠬᠢᠨ ᠤ ᠴᠢᠭ ᠰᠤᠯᠢᠭᠳᠠᠬᠤ ᠨᠢ ᠬᠤᠷ᠎ᠠ ᠤᠷᠤᠬᠤ ᠶᠢᠨ ᠰᠢᠨᠵᠢ ᠭᠡᠵᠥ ᠲᠡᠮᠳᠡᠭᠯᠡᠭᠰᠡᠨ ᠪᠠᠶᠢᠳᠠᠭ ᠪᠠᠶᠢᠨ᠎ᠠ᠃ |