ᠠᠳᠣᠭᠤ ᠮᠠᠯ ᠳᠤ ᠬᠤᠯᠪᠤᠭᠳᠠᠬᠤ ᠵᠠᠩ ᠦᠢᠯᠡ
ᠨᠡᠶᠢᠲᠡᠯᠡᠭᠰᠡᠨ ᠴᠠᠭ᠄
2021/9/14
ᠲᠠᠪᠤᠨ ᠬᠤᠰᠢᠭᠤ ᠮᠠᠯ ᠢᠶᠠᠨ ᠲᠠᠯ᠎ᠠ ᠶᠢᠨ ᠲᠠᠪᠤᠨ ᠡᠷᠳᠡᠨᠢ ᠬᠡᠮᠡᠨ ᠲᠡᠭᠡᠳᠦᠯᠡᠳᠡᠭ ᠮᠤᠩᠭᠤᠯᠴᠣᠳ ᠲᠤ ᠮᠠᠯ ᠲᠠᠢ ᠬᠤᠯᠪᠤᠭᠳᠠᠭᠰᠠᠨ ᠵᠠᠩ ᠦᠢᠯᠡ᠂ ᠴᠡᠭᠡᠷ ᠶᠣᠰᠤ ᠤᠯᠠᠨ ᠪᠠᠶᠢᠳᠠᠭ᠃ ᠡᠭᠦᠨ ᠳᠤ ᠬᠡᠳᠦ ᠶᠢ ᠰᠡᠶᠢᠷᠠᠬᠦᠯᠪᠡᠯ᠄    1.  ᠮᠤᠷᠢᠨ ᠤ ᠲᠤᠯᠤᠭᠠᠢ ᠶᠢ ᠴᠣᠭᠢᠳᠠᠭ ᠦᠬᠡᠢ᠂ ︿︿ᠮᠤᠷᠢᠨ ᠲᠤᠯᠤᠭᠠᠢ ᠮᠤᠯᠤᠷ ᠡᠷᠳᠡᠨᠢ﹀﹀ ᠬᠡᠳᠡᠭ᠃    2. ᠤᠩᠭᠤᠨ ᠲᠠᠷᠬᠠᠨ ᠪᠤᠶᠤ ᠶᠡᠭᠡ ᠠᠴᠢ ᠦᠵᠡᠬᠦᠯᠦᠭᠰᠡᠨ ᠮᠠᠯ ᠢᠶᠠᠨ ᠠᠯᠠᠵᠤ ᠬᠤᠳᠠᠯᠳᠤᠳᠠᠭ ᠦᠬᠡᠢ᠃    3. ᠮᠠᠯ ᠤᠨᠤᠭ᠎ᠠ ᠶᠢ ᠬᠠᠷᠠᠳᠠᠵᠤ ᠴᠤᠬᠢᠬᠤ ᠪᠤᠶᠤ ᠬᠠᠯᠠ ᠲᠠᠢ ᠡᠳ᠋ᠯᠡᠵᠦ ᠵᠤᠪᠠᠭᠠᠪᠠᠯ ᠮᠠᠯ ᠤᠨ ᠵᠠᠶᠠᠭ᠎ᠠ ᠭᠤᠮᠤᠳᠠᠨ᠎ᠠ ᠬᠡᠳᠡᠭ᠃    4. ᠮᠠᠯ ᠢ ᠠᠯᠢ ᠮᠠᠭᠤ ᠪᠠᠷ ᠬᠠᠷᠢᠶᠠᠵᠤ ᠵᠦᠬᠡᠳᠡᠭ ᠦᠬᠡᠢ᠃    5. ᠮᠠᠯ ᠤᠨᠤᠭ᠎ᠠ ᠠᠳᠤᠭᠤᠰᠤ ᠠᠮᠢᠳᠠᠨ ᠢ ᠴᠤᠬᠢᠵᠤ ᠲᠠᠮᠤᠯᠠᠬᠤ ᠪᠤᠶᠤ ᠴᠢᠴᠢᠵᠤ ᠬᠠᠳᠬᠤᠳᠠᠭ ᠦᠬᠡᠢ᠃    6. ᠮᠠᠯ ᠢ ᠲᠠᠮᠦᠷ ᠢᠶᠠᠷ ᠴᠤᠬᠢᠳᠠᠭ ᠦᠬᠡᠢ᠃    7. ᠮᠠᠯ ᠤᠨ ᠨᠢᠳᠤ ᠰᠠᠨᠴᠢᠭ ᠵᠡᠷᠭᠡ ᠬᠡᠪᠡᠷᠡᠭ ᠭᠠᠵᠠᠷ ᠪᠤᠶᠤ ᠠᠮᠢᠨ ᠭᠠᠵᠠᠷ ᠢ ᠴᠤᠬᠢᠳᠠᠭ ᠦᠬᠡᠢ᠃    8. ᠮᠠᠯ ᠢ ᠰᠠᠶᠢᠳᠤᠷ ᠤᠰᠤᠯᠠᠵᠤ ᠡᠪᠡᠰᠦᠯᠡᠬᠦ ᠶᠢ ᠪᠤᠶᠠᠨ ᠤ ᠦᠢᠯᠡ   ᠢᠶᠠᠷ ᠦᠵᠡᠳᠡᠭ ᠲᠤᠯᠠ  ︿︿ᠮᠠᠨᠢ ᠲᠤᠭᠠᠯᠠᠬᠤ ᠪᠠᠷ ᠮᠠᠯ ᠢᠶᠠᠨ ᠤᠰᠤᠯᠠ﹀﹀ ᠬᠡᠳᠡᠭ᠃    9. ᠮᠠᠯ ᠤᠨᠤᠭ᠎ᠠ ᠶᠢ ᠡᠩ ᠤᠨ ᠦᠶ᠎ᠡ ᠳᠤ ᠶᠡᠭᠡ ᠪᠠᠷ ᠤᠶᠠᠵᠤ ᠬᠠᠭᠰᠠᠭᠠᠨ ᠦᠯᠦᠰᠬᠡᠳᠡᠭ ᠦᠬᠡᠢ᠂ ︿︿ᠡᠪᠡᠰᠦ ᠤᠰᠤᠨ ᠳᠤ ᠦᠷᠢ ᠲᠠᠢ ᠤᠤ﹀﹀ ᠬᠡᠳᠡᠭ᠃   10. ᠮᠠᠯ ᠤᠨ ᠬᠡᠶᠢᠮᠦᠷᠢ ᠡᠳᠦᠷ᠂ ᠵᠤᠰᠠᠭ ᠡᠷᠳᠡᠨᠢ᠂ ᠤᠯᠠᠭᠠᠨ ᠤᠯᠠᠭᠠᠭᠴᠢᠨ ᠡᠳᠦᠷ ᠤᠳ ᠲᠤ ᠮᠠᠯ ᠪᠠᠵᠠᠭᠠᠳᠠᠭ ᠦᠬᠡᠢ᠃  11. ᠮᠠᠯ ᠠᠳᠤᠭᠤᠰᠤ ᠶᠢ ᠠᠯᠠᠨ᠎ᠠ ᠬᠢᠳᠤᠨ᠎ᠠ ᠬᠡᠬᠦ ᠮᠡᠳᠦ ᠪᠠᠷ ᠬᠡᠯᠡᠳᠡᠭ ᠦᠬᠡᠢ ︿︿ᠪᠠᠵᠠᠭᠠᠨ᠎ᠠ﹀﹀᠂ ︿︿ᠱᠦᠯᠦ ᠤᠤᠭᠤᠨ᠎ᠠ﹀﹀᠂ ︿︿ᠭᠠᠷᠭᠠᠨ᠎ᠠ﹀﹀᠂ ︿︿ᠢᠳᠡᠰᠢ ᠠᠪᠤᠨ᠎ᠠ﹀﹀ ︿︿ᠦᠬᠦᠴᠡ ᠠᠪᠤᠨ᠎ᠠ﹀﹀…… ᠬᠡᠬᠦ ᠮᠡᠳᠦ ᠪᠠᠷ ᠬᠡᠯᠡᠳᠡᠭ᠃   12.  ᠮᠠᠯ ᠪᠠᠵᠠᠭᠠᠬᠤ ᠳᠠᠭᠠᠨ ᠵᠠᠪᠠᠯ ᠲᠤᠯᠤᠭᠠᠢ ᠶᠢ ᠨᠢ ᠬᠤᠶᠢᠰᠢ ᠬᠠᠨᠳᠤᠭᠤᠯᠳᠠᠭ᠃   13.  ᠮᠠᠯ ᠢ ᠲᠤᠳᠠᠭᠤ ᠦᠭᠦᠭᠰᠡᠨ ᠪᠠᠶᠢᠬᠤ ᠳᠤ ᠦᠪᠴᠢᠳᠡᠭ ᠦᠬᠡᠢ᠃   14. ᠦᠬᠡᠷ ᠤᠨ ᠡᠪᠡᠷ ᠢ ᠴᠤᠭᠢᠳᠠᠭ ᠦᠬᠡᠢ᠂ ︿︿ᠨᠢᠬᠡ ᠦᠬᠡᠷ ᠤᠨ ᠡᠪᠡᠷ ᠢ ᠴᠤᠬᠢᠪᠠᠯ ᠮᠢᠩᠭᠠᠨ ᠦᠬᠡᠷ ᠤᠨ ᠡᠪᠡᠷ ᠲᠤᠷᠬᠢᠨ᠎ᠠ﹀﹀ ᠬᠡᠳᠡᠭ᠃   15. ᠢᠮᠠᠭᠠᠨ ᠤ ᠰᠠᠬᠠᠯ ᠠᠴᠠ ᠴᠢᠩᠭᠠᠭᠠᠳᠠᠭ ᠦᠬᠡᠢ᠂ ︿︿ᠢᠮᠠᠭ᠎ᠠ ᠬᠠᠷᠢᠨ᠎ᠠ﹀﹀ ᠬᠡᠳᠡᠭ᠃   16. ᠰᠠᠶᠢᠨ ᠮᠤᠷᠢ ᠡᠵᠡᠨ ᠤ ᠠᠮᠢᠨ ᠳᠤ ᠤᠷᠤᠨ᠎ᠡ ᠬᠡᠳᠡᠭ᠃   17.  ᠬᠤᠷᠠᠭᠠᠨ ᠬᠤᠴᠠ ᠢᠰᠢᠬᠢᠨ ᠤᠬᠤᠨ᠎ᠠ ᠶᠢ ᠰᠤᠩᠭᠤᠵᠤ ᠲᠠᠯᠪᠢᠬᠤ ᠳᠠᠭᠠᠨ ᠦᠷᠦᠮ᠎ᠡ ᠲᠠᠢ ᠪᠤᠳᠠᠭ᠎ᠠ ᠪᠠᠷ ᠲᠤᠯᠤᠭᠠᠢ ᠶᠢ ᠨᠢ ᠮᠢᠯᠢᠶᠠᠵᠤ ︿︿ᠮᠢᠩᠭ᠎ᠠ ᠲᠦᠮᠡ᠂ ᠮᠢᠩᠭ᠎ᠠ  ᠲᠦᠮᠡ﹀﹀ ᠬᠡᠵᠦ ᠢᠷᠦᠬᠡᠳᠡᠭ᠃   18.  ᠮᠠᠯ ᠳᠤ ᠢᠮ ᠲᠠᠮᠠᠭ᠎ᠠ ᠬᠢᠬᠦ ᠳᠡᠭᠡᠨ ᠮᠠᠯ ᠰᠦᠷᠦᠭ ᠢᠶᠠᠨ ᠦᠷᠡᠵᠢᠵᠦ ᠦᠰᠬᠦ ᠶᠢᠨ ᠪᠡᠯᠬᠡᠳᠡᠯ ᠲᠠᠢ ᠵᠦᠢᠯ  ᠢ ᠰᠤᠩᠭᠤᠵᠤ ᠬᠢᠳᠡᠭ᠃  19 ᠮᠠᠯ ᠤᠨ ᠢᠶᠠᠨ ᠦᠨᠦᠴᠢᠨ ᠦᠷᠦᠬᠡᠰᠦᠨ ᠦᠳᠦ ᠲᠤᠭᠤᠯᠠᠩ ᠢ ᠪᠤᠯᠪᠠᠴᠤ ᠰᠠᠶᠢᠳᠤᠷ ᠠᠷᠠᠴᠢᠯᠠᠳᠠᠭ᠃ ᠲᠠᠶᠢᠮᠤ ᠪᠠᠷ ᠢᠶᠠᠨ ︿︿ᠦᠨᠦᠴᠢᠨ ᠢᠶᠠᠨ ᠦᠰᠬᠡᠪᠡᠯ ᠬᠦᠮᠦᠨ ᠲᠠᠢ ᠪᠤᠯᠤᠨ᠎ᠠ᠂ ᠡᠷᠭᠦᠳᠡᠭ ᠢᠶᠠᠨ ᠲᠠᠵᠢᠬᠡᠪᠡᠯ ᠮᠠᠯ ᠪᠤᠯᠤᠨ᠎ᠠ﹀﹀ ᠬᠡᠳᠡᠭ᠃   20. ᠬᠡᠷ ᠤᠨ ᠤᠨᠢ ᠬᠠᠨ᠎ᠠ ᠶᠢᠨ ᠮᠤᠳᠤ ᠶᠢ ᠮᠠᠯ ᠤᠨᠤᠭᠠᠨ ᠳᠤ ᠪᠠᠷᠢᠳᠠᠭ ᠦᠬᠡᠢ᠂ ︿︿ᠤᠨᠢ ᠶᠢᠨ ᠰᠡᠬᠡᠯᠳᠦᠷᠬᠡ  ᠠᠴᠠ ᠨᠢ ᠴᠢᠷᠦᠭᠰᠡᠨ﹀﹀  ᠬᠡᠳᠡᠭ᠃                                                                                                        
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号