4 ᠵᠦᠢᠯ ᠤᠨ ᠲᠦᠬᠦᠮ ᠠᠷᠭ᠎ᠠ ᠪᠠᠷ ᠬᠠᠷᠠᠭ᠎ᠠ ᠶᠢᠨ ᠴᠢᠯᠡᠭᠡ ᠶᠢ ᠭᠠᠷᠭᠠᠵᠤ ᠪᠤᠯᠤᠨ᠎ᠠ
ᠨᠡᠶᠢᠲᠡᠯᠡᠭᠰᠡᠨ ᠴᠠᠭ᠄
2021/9/14
   ᠶᠠᠫᠤᠨ ᠤ ︽Naver︾ ᠭᠡᠬᠦ ᠰᠦᠯᠵᠢᠶ᠎ᠡ ᠬᠠᠷᠠᠭ᠎ᠠ ᠶᠢᠨ ᠴᠢᠯᠡᠭᠡ ᠶᠢ ᠭᠠᠷᠭᠠᠬᠤ ᠬᠡᠳᠤᠨ ᠵᠦᠢᠯ ᠤᠨ ᠲᠦᠬᠦᠮ ᠠᠷᠭ᠎ᠠ ᠶᠢ ᠲᠠᠨᠢᠯᠴᠠᠭᠤᠯᠵᠠᠢ᠂ ᠡᠬᠦᠨ ᠢ ᠯᠠᠪᠯᠠᠨ ᠲᠤᠷᠰᠢᠵᠤ ᠪᠤᠯᠤᠨ᠎ᠠ᠃ ᠪᠡᠯᠴᠢᠷ ᠢ ᠲᠠᠷᠤᠬᠤ᠃ ᠨᠢᠳᠤᠨ ᠤ ᠡᠷᠬᠢᠨ ᠳᠤ ᠬᠠᠷᠠᠭ᠎ᠠ ᠶᠢᠨ ᠴᠢᠯᠡᠭᠡ ᠶᠢ ᠲᠠᠭᠠᠭᠠᠬᠤ 6 ᠪᠡᠯᠴᠢᠷ ᠪᠠᠶᠢᠳᠠᠭ᠂ ᠲᠤᠬᠠᠶᠢᠯᠠᠪᠠᠯ ᠬᠠᠷᠠᠭ᠎ᠠ ᠲᠤᠩᠭᠠᠯᠠᠭᠰᠢᠭᠤᠯᠬᠤ ᠪᠡᠯᠴᠢᠷ ︵ᠬᠠᠮᠠᠷ ᠤᠨ ᠤᠭ ᠪᠠ ᠨᠢᠳᠤᠨ ᠤ ᠠᠭᠤᠯᠵᠠᠷ ᠲᠤ ᠪᠤᠢ︶᠂ ᠽᠠᠨ ᠵᠤ᠋ ᠪᠡᠯᠴᠢᠷ ︵ᠬᠥᠮᠤᠰᠭᠡ ᠪᠤᠯᠤᠨ ᠨᠢᠳᠤᠨ ᠤ ᠬᠤᠭᠤᠷᠤᠨᠳᠤᠬᠢ ᠬᠤᠳᠦ᠋ᠢᠵᠤ ᠤᠷᠤᠭᠰᠠᠨ ᠭᠠᠵᠠᠷ ᠲᠤ ᠪᠤᠢ︶᠂ ᠢᠤᠢ ᠶᠤᠤ ᠪᠠᠯᠴᠢᠷ ︵ᠴᠡᠴᠡᠭᠡᠢ ᠶᠢᠨ ᠠᠰ ᠲᠡᠭᠡᠷ᠎ᠡ ᠲᠠᠯ᠎ᠠ᠂ ᠬᠥᠮᠤᠰᠭᠡ ᠶᠢᠨ ᠲᠦᠪ ᠲᠤ ᠪᠤᠢ︶᠂ ᠰᠧ ᠵᠤ᠋ ᠺᠥᠩ ᠪᠡᠯᠴᠢᠷ ︵ᠬᠥᠮᠤᠰᠭᠡ ᠶᠢᠨ ᠰᠡᠬᠦᠯ ᠤᠨ ᠬᠤᠳᠦ᠋ᠢᠵᠤ ᠤᠷᠤᠭᠰᠠᠨ ᠭᠠᠵᠠᠷ ᠪᠤᠢ︶᠂ ᠮᠠᠩᠨᠠᠢ ᠶᠢᠨ ᠪᠡᠯᠴᠢᠷ ︵ᠰᠠᠨᠴᠢᠭ ᠤᠨ ᠬᠤᠳᠦ᠋ᠢᠵᠤ ᠤᠷᠤᠭᠰᠠᠨ ᠭᠠᠵᠠᠷ ᠲᠤ ᠪᠤᠢ︶ ᠴᠧᠩ ᠴᠢ ᠪᠡᠯᠴᠢᠷ ︵ᠨᠢᠳᠤᠨ ᠴᠡᠴᠡᠭᠡᠢ ᠶᠢᠨ ᠲᠦᠪ ᠤᠨ ᠲᠤᠤᠷ᠎ᠠ ᠲᠠᠯ᠎ᠠ ᠶᠢᠨ ᠤᠬᠤᠷᠬᠠᠢ ᠶᠢᠨ ᠬᠤᠳᠦ᠋ᠢᠵᠤ ᠤᠷᠤᠭᠰᠠᠨ ᠭᠠᠵᠠᠷ ᠲᠤ ᠪᠤᠢ︶ ᠪᠤᠯᠤᠨ᠎ᠠ᠃    ᠠᠯᠴᠢᠭᠤᠷ ᠢᠶᠠᠷ ᠵᠢᠩ ᠪᠠᠷᠢᠬᠤ᠃ ᠠᠨᠢᠰᠬ᠎ᠠ ᠤᠨᠵᠠᠶᠢᠬᠤ᠂ ᠨᠦᠢᠷᠮᠤᠭᠯᠠᠬᠤ ᠲᠦᠷᠢ ᠢᠯᠡᠷᠡᠬᠦ ᠪᠤᠯ ᠨᠢᠳᠤᠨ ᠤ ᠴᠢᠰᠤᠨ ᠤ ᠡᠷᠬᠢᠯᠳᠡ ᠮᠠᠭᠤ ᠪᠠᠶᠢᠬᠤ ᠶᠢᠨ ᠲᠤᠬᠢᠶ᠎ᠠ ᠮᠦᠨ᠂ ᠡᠬᠦᠨ ᠳᠤ ᠬᠠᠯᠠᠭᠤᠨ ᠠᠯᠴᠢᠭᠤᠷ ᠢᠶᠠᠷ ᠵᠢᠩ ᠪᠠᠷᠢᠵᠤ ᠪᠤᠯᠤᠨ᠎ᠠ᠃ ᠨᠦᠢᠳᠠᠨ ᠠᠯᠴᠢᠭᠤᠷ ᠢ ᠪᠢᠴᠢᠯ ᠲᠤᠯᠬᠢᠶᠠᠨ ᠵᠤᠤᠬᠠᠨ ᠳᠤ 30~50 ᠰᠧᠺᠦ᠋ᠨ᠋ᠳ᠋ ᠬᠠᠯᠠᠭᠠᠭᠠᠳ ᠵᠢᠬᠠᠭᠠᠨ ᠬᠥᠷᠦᠭᠡᠭᠰᠡᠨ ᠤ ᠲᠠᠷᠠᠭ᠎ᠠ ᠠᠨᠢᠰᠬ᠎ᠠ ᠲᠡᠭᠡᠷ᠎ᠡ 1~2 ᠮᠢᠨᠦ᠋ᠲ ᠲᠠᠷᠤᠨ᠎ᠠ᠂ ᠡᠨᠡ ᠨᠢ ᠴᠢᠰᠤᠨ ᠤ ᠡᠷᠬᠢᠯᠳᠡ ᠶᠢ ᠰᠠᠶᠢᠵᠢᠷᠠᠭᠤᠯᠵᠤ ᠴᠢᠯᠡᠭᠡ ᠭᠠᠷᠭᠠᠬᠤ ᠦᠢᠯᠡᠳᠤᠯ ᠲᠠᠢ ᠪᠠᠶᠢᠳᠠᠭ᠃ ᠬᠡᠷᠪᠡ ᠨᠢᠳᠤᠨ ᠴᠡᠴᠡᠭᠡᠢ ᠤᠯᠠᠶᠢᠵᠤ ᠪᠠᠶᠢᠪᠠᠯ ᠨᠢᠳᠤ ︽ᠬᠠᠯᠠᠭᠤᠳᠠᠵᠤ︾᠂ ᠦᠷᠪᠢᠰᠤᠯ ᠲᠠᠢ ᠬᠡᠳᠡᠭ ᠤᠨ ᠲᠤᠬᠢᠶ᠎ᠠ᠂ ᠡᠨᠡ ᠦᠶ᠎ᠠ ᠳᠤ ᠬᠥᠢᠳᠡᠨ ᠠᠯᠴᠢᠭᠤᠷ ᠢᠶᠠᠷ 1~2 ᠮᠢᠨᠦ᠋ᠲ ᠵᠢᠩ ᠪᠠᠷᠢᠪᠠᠯ ᠲᠤᠬᠢᠷᠠᠮᠵᠢᠳᠠᠢ ᠪᠠᠶᠢᠳᠠᠭ᠃    ᠨᠢᠳᠤᠨ ᠴᠡᠴᠡᠭᠡᠢ ᠶᠢᠨ ᠲᠠᠮᠢᠷ᠃ ᠤᠷᠳᠤ ᠬᠤᠭᠤᠴᠠᠭ᠎ᠠ ᠪᠠᠷ ᠺᠤᠮᠫᠢᠦ᠋ᠲ᠋ᠧᠷ ᠪᠤᠶᠤ ᠭᠠᠷ ᠤᠳᠡᠰᠤ ᠱᠠᠭᠠᠶᠢᠪᠠᠯ᠂ ᠨᠢᠳᠤᠨ ᠤ ᠲᠦᠪᠯᠡᠷᠡᠯ ᠤᠨ ᠴᠡᠭ ᠢ ᠲᠤᠬᠢᠷᠠᠭᠤᠯᠬᠤ ᠪᠤᠯᠴᠢᠩ ᠨᠢ ᠶᠠᠳᠠᠷᠠᠳᠠᠭ᠂ ᠡᠶᠢᠮᠤ ᠪᠠᠶᠢᠳᠠᠯ ᠲᠤᠤᠷ᠎ᠠ ᠨᠢᠳᠤᠨ ᠴᠡᠴᠡᠭᠡᠢ ᠶᠢᠨ ᠲᠡᠮᠢᠷ ᠬᠢᠵᠤ ᠪᠤᠯᠤᠨ᠎ᠠ︔ ᠨᠢᠳᠤ ᠪᠠᠨ ᠲᠦᠷᠭᠡᠨ ᠠᠨᠢᠵᠤ᠂ ᠭᠡᠨᠡᠳᠳᠡ ᠨᠡᠭᠡᠭᠡᠨ᠎ᠠ︔ ᠲᠤᠯᠤᠭᠠᠢ ᠪᠠᠨ ᠬᠥᠳᠡᠯᠭᠡᠬᠦ ᠦᠭᠡᠢ ᠪᠠᠷ ᠨᠢᠳᠤᠨ ᠴᠡᠴᠡᠭᠡᠢ ᠪᠠᠨ ᠪᠠᠷᠠᠭᠤᠨ᠂ ᠵᠡᠬᠦᠨ᠂ ᠲᠡᠭᠡᠭᠰᠢ᠂ ᠲᠤᠭᠤᠭᠰᠢ ᠶᠢᠨ ᠲᠠᠷᠠᠭᠠᠯᠠᠯ ᠢᠶᠠᠷ ᠡᠷᠬᠢᠯᠳᠤᠬᠦᠯᠤᠨ᠎ᠠ᠃ ᠲᠡᠭᠡᠷᠡᠬᠢ ᠮᠡᠳᠤ ᠪᠠᠷ 2~3 ᠤᠳᠠᠭ᠎ᠠ ᠲᠠᠪᠳᠠᠵᠤ ᠬᠢᠨ᠎ᠠ᠃    ᠬᠤᠯᠠ ᠶᠢ ᠪᠠᠷᠠᠯᠠᠬᠤ ᠠᠷᠭ᠎ᠠ᠃ ᠶᠠᠫᠥᠨ ᠤ ᠨᠢᠳᠤᠨ ᠤ ᠡᠮᠨᠡᠯᠭᠡ ᠶᠢᠨ ᠨᠡᠶᠢᠭᠡᠮᠯᠢᠭ ᠤᠨ ᠪᠠᠶᠢᠩᠭᠤ ᠶᠢᠨ ᠬᠡᠷᠡᠭ ᠡᠷᠬᠢᠯᠡᠭᠴᠢ᠂ ᠨᠢᠳᠤᠨ ᠤ ᠡᠮᠨᠡᠯᠭᠡ ᠶᠢᠨ ᠡᠮᠴᠢ ᠢᠰᠢᠺᠠᠸᠠ ︽5 ᠮᠢᠨᠦ᠋ᠲ ᠲᠤ ᠬᠠᠷᠠᠭ᠎ᠠ ᠰᠡᠷᠬᠦᠭᠡᠬᠦ ᠠᠷᠭ᠎ᠠ︾ ᠭᠡᠬᠦ ᠨᠤᠮ ᠳᠠᠭᠠᠨ᠂ ᠬᠤᠯᠠ ᠶᠢ 3~5 ᠰᠧᠺᠦ᠋ᠨ᠋ᠳ᠋ ᠪᠠᠷᠠᠯᠠᠪᠠᠯ᠂ ᠤᠷᠳᠤ ᠬᠤᠭᠤᠴᠠᠭ᠎ᠠ ᠪᠠᠷ ᠦᠢᠷ᠎ᠠ ᠬᠠᠷᠠᠬᠤ ᠠᠴᠠ ᠪᠤᠯᠤᠭᠰᠠᠨ ᠬᠠᠷᠠᠭ᠎ᠠ ᠶᠢᠨ ᠴᠢᠯᠡᠭᠡ ᠶᠢ ᠪᠦᠳᠤᠮᠵᠢᠳᠠᠢ ᠭᠠᠷᠭᠠᠵᠤ ᠪᠤᠯᠤᠨ᠎ᠠ᠃ ᠡᠬᠦᠨ ᠳᠤ ᠠᠩᠬᠠᠷᠤᠭᠤᠰᠢᠳᠠᠢ ᠨᠢ᠂ ᠬᠡᠳᠤ ᠬᠤᠯᠠ ᠶᠢ ᠪᠠᠷᠠᠯᠠᠬᠤ ᠨᠢ ᠭᠡᠳᠡᠷᠬᠦ ᠪᠠᠨ ᠲᠤᠰᠠ ᠦᠭᠡᠢ ᠪᠠᠶᠢᠳᠠᠭ᠂ ᠲᠤᠯᠤᠭᠠᠢ ᠦᠨᠳᠡᠶᠢᠨ ᠲᠡᠭᠡᠪᠤᠷ ᠬᠠᠷᠠᠵᠤ ᠪᠤᠯᠤᠨ᠎ᠠ᠂ ᠡᠰᠡᠬᠦᠯ᠎ᠠ ᠪᠠᠶᠢᠰᠢᠩ ᠤᠨ ᠨᠦᠬᠦᠭᠡ ᠲᠠᠯ᠎ᠠ ᠶᠢᠨ ᠬᠠᠨ᠎ᠠ ᠶᠢ ᠬᠠᠷᠠᠵᠤ ᠪᠤᠯᠤᠨ᠎ᠠ ᠭᠡᠵᠤ ᠬᠡᠯᠡᠵᠠᠢ᠃
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号