ᠰᠢᠪᠳᠤᠷᠵᠢᠭᠤᠯᠤᠭᠰᠠᠨ ᠡᠰᠢ ᠰᠦᠷᠡᠯ ᠢ ᠬᠠᠳᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2021/8/9
    ᠰᠢᠪᠳᠤᠷᠵᠢᠭᠤᠯᠤᠭᠰᠠᠨ ᠡᠰᠢ ᠰᠦᠷᠡᠯ ᠢ ᠤᠪᠤᠭᠠᠯᠠᠵᠤ ᠬᠤᠷᠢᠶᠠᠬᠤ᠂ ᠵᠤᠭᠤᠷᠢᠯᠠᠬᠤ ᠪᠤᠶᠤ ᠪᠤᠰᠤᠳ ᠰᠠᠪᠠᠨ  ᠳᠤ ᠬᠢᠪᠡᠯ ᠤᠳᠠᠭᠠᠨ ᠬᠤᠭᠤᠴᠠᠭ᠎ᠠ ᠬᠠᠳᠠᠭᠠᠯᠠᠵᠤ ᠪᠤᠯᠳᠠᠭ᠂ ᠰᠦᠯᠢᠶᠤᠤ ᠪᠦᠷᠭᠦᠭᠦᠯ ᠢ ᠴᠤᠭᠤᠯᠵᠤ ᠬᠠᠭᠠᠯᠬᠤ ᠦᠬᠡᠢ᠂ ᠰᠢᠪᠳᠤᠷ ᠤᠨ ᠬᠡᠢ ᠶᠢ ᠲᠤᠳᠠᠭᠠᠯᠭᠠᠬᠤ ᠦᠬᠡᠢ ᠪᠤᠯ ᠡᠰᠢ ᠰᠦᠷᠡᠯ ᠸᠠᠭᠠᠯᠠᠵᠤ ᠢᠯᠵᠠᠷᠠᠳᠡᠭ ᠦᠬᠡᠢ᠃     ᠡᠰᠢ ᠰᠦᠷᠡᠯ ᠢ ᠰᠢᠪᠳᠤᠷᠵᠢᠭᠤᠯᠤᠭᠰᠠᠨ ᠴᠠᠭ ᠨᠢ ᠲᠤᠯᠪᠠᠯ ᠵᠤᠭᠤᠷᠢ ᠪᠤᠶᠤ ᠤᠪᠤᠭ᠎ᠠ ᠪᠠᠨ ᠲᠠᠷᠤᠶᠢᠬᠠᠨ ᠨᠡᠬᠡᠬᠡᠨ᠎ᠡ᠃ ᠰᠢᠬᠡᠰᠦᠯᠢᠭ ᠡᠳ᠋ ᠪᠤᠶᠤ ᠪᠤᠰᠤᠳ ᠰᠢᠪᠳᠤᠷ ᠤᠨ ᠰᠤᠷᠪᠤᠯᠵᠢ ᠪᠠᠷ ᠰᠢᠪᠳᠤᠷᠵᠢᠭᠤᠯᠤᠭᠰᠠᠨ ᠪᠠ ᠡᠰᠢ ᠰᠦᠷᠡᠯ ᠤᠨ ᠤᠰᠤᠨ ᠤ ᠠᠭᠤᠯᠠᠭᠳᠠᠴᠠ ᠶᠡᠭᠡ ᠪᠤᠯ ᠬᠤᠴᠢᠯᠭ᠎ᠠ ᠶᠢ ᠱᠠᠭᠠᠯᠵᠤ᠂ ᠤᠪᠤᠭ᠎ᠠ ᠲᠠᠢ ᠡᠰᠢ ᠰᠦᠷᠡᠯ ᠢᠶᠠᠨ ᠡᠪᠡᠷᠡᠬᠡᠵᠦ ᠰᠠᠷᠠᠪᠴᠢ ᠪᠤᠶᠤ ᠬᠡᠷ ᠲᠤ ᠤᠷᠤᠭᠤᠯᠵᠤ ᠵᠠᠷᠣᠬᠤ ᠳᠤ ᠪᠡᠯᠡᠬᠡᠨ ᠪᠤᠯᠭᠠᠨ᠎ᠠ᠃     ᠰᠢᠪᠳᠤᠷᠵᠢᠭᠤᠯᠤᠭᠰᠠᠨ ᠡᠰᠢ ᠰᠦᠷᠡᠯ ᠸᠠᠯᠠᠵᠤ ᠢᠯᠵᠡᠷᠡᠬᠦ ᠨᠢ ᠰᠦᠯᠢᠶᠤᠤ ᠪᠦᠷᠭᠦᠪᠴᠢ ᠴᠤᠭᠤᠷᠠᠵᠤ ᠬᠡᠢ ᠠᠭᠠᠷ ᠨᠡᠪᠳᠡᠷᠡᠨ ᠰᠢᠪᠳᠤᠷ ᠲᠤᠳᠠᠭᠠᠭᠰᠠᠨ ᠠᠴᠠ ᠪᠤᠯᠬᠤ ᠪᠤᠶᠤ ᠤᠰᠤᠨ ᠤ ᠠᠭᠤᠯᠠᠭᠳᠠᠴᠠ ᠬᠡᠳᠦᠷᠡᠵᠦ ᠬᠦᠬᠡᠴᠦ  ᠶᠢᠨ ᠦᠷᠡᠵᠢᠬᠦ ᠳᠤ ᠲᠤᠬᠢᠳᠡᠢ ᠨᠦᠬᠦᠴᠡᠯ ᠤᠯᠭᠤᠭᠰᠠᠨ ᠠᠴᠠ ᠰᠢᠯᠳᠠᠭᠠᠯᠠᠳᠠᠭ᠃ ᠢᠯᠠᠩᠭᠤᠶ᠎ᠠ ᠪᠤᠷᠤᠭᠠᠨ ᠤ ᠤᠰᠤ ᠨᠡᠪᠴᠢᠨ ᠤᠷᠤᠭᠰᠠᠨ ᠠᠴᠠ ᠡᠰᠢ ᠰᠦᠷᠡᠯ ᠬᠢᠯᠪᠠᠷᠬᠠᠨ ᠢᠯᠵᠡᠷᠡᠳᠡᠭ ᠪᠤᠯᠬᠤᠷ ᠰᠢᠪᠳᠤᠷᠵᠢᠭᠤᠯᠬᠤ ᠳᠤ ᠲᠡᠩᠳᠡᠬᠦᠦ ᠠᠷᠪᠢᠨ ᠤᠰᠤ ᠬᠢᠵᠦ ᠪᠤᠯᠬᠤ ᠦᠬᠡᠢ᠂ ᠤᠰᠤ ᠠᠬᠠᠳᠠᠭᠰᠠᠨ ᠦᠶᠡᠰ ᠤᠪᠤᠭ᠎ᠠ ᠪᠠᠨ ᠨᠡᠬᠡᠬᠡᠵᠦ ᠨᠢᠬᠡ ᠯᠠ ᠤᠳᠠᠭ᠎ᠠ  ᠳᠤ ᠡᠪᠡᠷᠡᠬᠡᠵᠦ ᠬᠠᠳᠠᠭᠠᠭᠠᠳ ᠬᠠᠳᠠᠭᠠᠯᠠᠬᠤ ᠬᠡᠷᠡᠭᠳᠡᠢ᠃
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号