ᠡᠮᠦᠨᠡᠳᠦ ᠬᠤᠰᠢᠭᠤᠨ ᠤ ᠰᠢᠬᠦᠬᠦ ᠬᠤᠷᠢᠶ᠎ᠠ ᠯᠢᠤ ᠠᠨ ᠨᠦᠬᠦᠷ ᠤᠨ ᠲᠠᠷᠢᠬᠦᠨ ᠤ ᠦᠢᠯᠡ ᠠᠵᠢᠯᠯᠠᠭ᠎ᠠ ᠶᠢ ᠰᠤᠷᠤᠯᠴᠠᠬᠤ ᠲᠤᠰᠬᠠᠢ ᠰᠡᠳᠦᠪᠳᠦ ᠰᠣᠷᠣᠯᠴᠠᠯᠭ᠎ᠠ | ᠶᠢᠨ ᠬᠤᠷᠠᠯ ᠬᠢᠪᠡ᠃ ᠬᠤᠷᠠᠯ ᠠᠴᠠ ︿︿ᠲᠦᠪ ᠬᠤᠷᠢᠶᠠᠨ ᠤ ᠣᠯᠣᠰ ᠲᠦᠷᠦ ᠬᠠᠤᠯᠢ ᠴᠠᠭᠠᠵᠠ ᠶᠢᠨ ᠬᠤᠷᠢᠶ᠎ᠠ ᠶᠢᠨ ᠯᠢᠤ ᠠᠨ ᠨᠦᠬᠦᠷ ᠤᠨ ᠲᠠᠷᠢᠬᠦᠨ ᠤ ᠦᠢᠯᠡ | ᠠᠵᠢᠯᠯᠠᠭ᠎ᠠ ᠶᠢ ᠰᠤᠷᠤᠯᠴᠠᠨ ᠤᠬᠠᠭᠤᠯᠬᠤ ᠮᠡᠳᠡᠭᠳᠡᠯ﹀﹀ ᠤᠨ ᠪᠢᠴᠢᠭ ᠮᠠᠲ᠋ᠧᠷᠢᠶᠠᠯ ᠤᠨ ᠵᠤᠷᠢᠭ ᠰᠠᠨᠠᠭ᠎ᠠ ᠶᠢ ᠣᠯᠠᠮᠵᠢᠯᠠᠵᠤ᠂ ᠯᠢᠤ ᠠᠨ ᠨᠦᠬᠦᠷ ᠤᠨ ᠦᠨᠳᠦᠰᠦᠨ | ᠱᠠᠳᠣᠨ ᠳᠤ 34 ᠵᠢᠯ ᠢ ᠨᠢᠬᠡ ᠡᠳᠦᠷ ᠮᠡᠳᠤ ᠠᠵᠢᠯᠠᠯᠵᠤ ᠠᠮᠢᠳᠤᠷᠠᠨ ᠬᠠᠷᠢᠶᠠᠳᠤ ᠤᠷᠤᠨ ᠢᠶᠠᠨ ᠬᠡᠷ ᠤᠷᠤᠨ ᠢᠶᠠᠨ ᠪᠤᠯᠭᠠᠵᠤ᠂ ᠠᠵᠢᠯ ᠢᠶᠠᠷ ᠢᠶᠠᠨ ᠠᠮᠢᠳᠤᠷᠠᠯ | ᠪᠤᠯᠭᠠᠵᠤ᠂ ᠨᠢᠬᠡ ᠨᠠᠰᠤ ᠪᠠᠷ ᠪᠠᠨ ᠰᠠᠭᠤᠭᠠᠯᠢ ᠠᠷᠠᠳ ᠤᠨ ᠠᠮᠤᠷ ᠲᠦᠪᠰᠢᠨ ᠤ ᠲᠦᠯᠦᠬᠡ ᠵᠢᠳᠭᠦᠵᠦ᠂ ᠨᠠᠮ ᠳᠠᠭᠠᠨ ᠦᠨᠡᠨᠴᠢ ᠰᠢᠳᠣᠷᠭᠤ᠂ ᠣᠯᠣᠰ ᠲᠦᠷᠦ | ᠶᠢᠨ ᠬᠡᠪ ᠪᠤᠯᠪᠠᠰᠤᠷᠠᠯ ᠦᠨᠳᠦᠷ᠂ ᠨᠢᠬᠡ ᠯᠡ ᠰᠡᠳᠬᠢᠯ ᠢᠶᠠᠷ ᠠᠷᠠᠳ ᠲᠦᠮᠡᠨ ᠳᠤ ᠦᠢᠯᠡᠴᠢᠯᠡᠵᠦ᠂ ᠨᠠᠷᠢᠨ ᠨᠢᠮᠪᠠᠢ ᠬᠦᠯᠢᠴᠡᠩᠭᠦᠢ ᠠᠵᠢᠯ ᠤᠨ ᠰᠤᠷᠳᠠᠯ᠂ ᠨᠡᠶᠢᠳᠡ | ᠶᠢᠨ ᠠᠰᠠᠷᠠᠮᠵᠢ ᠶᠢᠨ ᠦᠢᠯᠡᠰ ᠲᠤ ᠠᠯᠢᠪᠠ ᠪᠠᠨ ᠵᠤᠷᠢᠭᠤᠯᠳᠠᠭ ᠶᠡᠭᠡ ᠬᠠᠶᠢᠷ᠎ᠠ᠂ ᠡᠩ ᠤᠨ ᠠᠵᠢᠯ ᠤᠨ ᠪᠠᠶᠢᠷᠢ ᠲᠡᠭᠡᠷ᠎ᠡ ᠠᠷᠠᠳ ᠤᠨ ᠴᠠᠭᠳᠠᠭ᠎ᠠ ᠶᠢᠨ ᠠᠷᠠᠳ | ᠲᠦᠮᠡᠨ ᠳᠤ ᠦᠢᠯᠡᠴᠢᠯᠡᠬᠦ ᠤᠪᠤᠷ ᠰᠤᠷᠳᠠᠯ ᠢ ᠲᠠᠭᠠᠨ ᠰᠣᠷᠣᠯᠴᠠᠬᠤ ᠶᠢ ᠤᠷᠢᠶᠠᠯᠠᠪᠠ᠃ | ᠰᠤᠷᠤᠯᠴᠠᠬᠤ ᠪᠠᠷ ᠺᠠᠳ᠋ᠷ ᠴᠠᠭᠳᠠᠭᠠᠴᠢᠳ ᠬᠦᠮᠦᠵᠢᠯ ᠬᠦᠷᠳᠡᠵᠦ᠂ ᠯᠢᠤ ᠠᠨ ᠠᠴᠠ ᠲᠠᠭᠠᠨ ᠰᠤᠷᠤᠯᠴᠠᠵᠤ᠂ ᠵᠤᠷᠢᠭᠳᠠᠢ ᠡᠭᠦᠷᠭᠡᠯᠡᠵᠦ ᠬᠤᠪᠢ ᠨᠡᠮᠡᠭᠦᠷᠢ ᠪᠠᠨ | ᠦᠵᠡᠬᠦᠯᠬᠦ ᠰᠢᠨ᠎ᠠ ᠴᠠᠭ ᠦᠶ᠎ᠡ ᠶᠢᠨ ᠣᠯᠣᠰ ᠲᠦᠷᠦ ᠬᠠᠤᠯᠢ ᠴᠠᠭᠠᠵᠠ ᠶᠢᠨ ᠴᠠᠭᠳᠠᠭ᠎ᠠ ᠪᠤᠯᠵᠤ᠂ ᠢᠳᠬᠡᠯ ᠵᠤᠷᠢᠭ ᠢᠶᠠᠨ ᠬᠦᠪᠴᠢᠯᠡᠨ ᠴᠤᠭ ᠵᠢᠪᠬᠤᠭ᠎ᠠ ᠲᠡᠬᠦᠯᠳᠡᠷ | ᠤᠷᠬᠢᠯᠤᠮ᠎ᠠ ᠬᠠᠯᠠᠭᠤᠨ ᠰᠡᠳᠬᠢᠯᠬᠡ ᠪᠠᠷ ᠠᠵᠢᠯ ᠳᠠᠭᠠᠨ ᠴᠢᠷᠮᠠᠶᠢᠵᠤ᠂ ᠲᠡᠷᠢᠬᠦᠨ ᠤ ᠨᠡᠶᠢᠳᠡᠯᠢᠭ ᠵᠢᠱᠢᠶ᠎ᠡ ᠪᠠᠷ ᠲᠠᠭᠤᠷᠢᠶᠠᠯ ᠪᠤᠯᠭᠠᠵᠤ ᠪᠤᠳᠠᠳᠤ ᠠᠵᠢᠯᠯᠠᠭ᠎ᠠ | ᠲᠡᠭᠡᠷ᠎ᠡ ᠪᠠᠨ ᠦᠢᠯᠡᠳᠦᠯᠬᠡᠵᠢᠬᠦᠯᠦᠨ᠎ᠡ ᠬᠡᠵᠦ ᠵᠤᠷᠢᠭ ᠢᠶᠠᠨ ᠢᠯᠡᠳᠬᠡᠴᠡᠬᠡᠪᠡ᠃ |