ᠬᠤᠨᠢᠨ ᠤ ᠬᠠᠯᠳᠠᠪᠤᠷᠢᠳᠤ ᠴᠢᠨᠠᠷᠳᠠᠢ ᠢᠳᠡᠭᠡᠳᠦ ᠴᠦᠪᠦᠷᠢᠬᠦᠳᠦ ᠡᠪᠳᠴᠢᠨ ᠵᠢᠴᠢ ᠲᠡᠭᠦᠨ ᠤ ᠰᠡᠷᠬᠡᠶᠢᠯᠡᠯᠳᠡ
ᠨᠡᠶᠢᠲᠡᠯᠡᠭᠰᠡᠨ ᠴᠠᠭ᠄
2021/8/13
     ᠬᠤᠨᠢᠨ ᠤ ᠬᠠᠯᠳᠠᠪᠤᠷᠢᠳᠤ ᠴᠢᠨᠠᠷᠳᠠᠢ ᠢᠳᠡᠭᠡᠳᠦ ᠴᠦᠪᠦᠷᠢᠬᠦᠳᠦ ᠡᠪᠳᠴᠢᠨ ᠢ ᠪᠠᠰᠠ ᠬᠤᠨᠢ ᠢᠮᠠᠭᠠᠨ ᠤ ᠠᠮᠠᠷᠠᠤ ᠬᠡᠳᠡᠭ᠃ ᠬᠠᠯᠳᠠᠪᠤᠷᠢᠳᠤ ᠴᠢᠨᠠᠷᠳᠠᠢ ᠢᠳᠡᠭᠡᠳᠦ ᠴᠦᠪᠦᠷᠢᠬᠦᠦ ᠸᠢᠷᠦ᠋ᠰ ᠠᠴᠠ ᠡᠭᠦᠰᠴᠦ᠂ ᠬᠤᠷᠠᠭ᠎ᠠ ᠢᠰᠢᠬᠢᠨ ᠳᠤ ᠤᠯᠠᠨ ᠡᠭᠦᠰᠳᠡᠭ᠃ ᠠᠮᠠᠨ ᠬᠦᠨᠳᠡᠢ᠂ ᠤᠷᠤᠭᠤᠯ ᠤᠨ ᠬᠡᠰᠡᠭ ᠤᠨ ᠠᠷᠠᠰᠤ ᠪᠠ ᠰᠠᠯᠢᠰᠤᠳᠤ ᠪᠦᠷᠭᠦᠪᠴᠢ ᠳᠤ ᠡᠰᠡᠷᠭᠡᠨ᠎ᠡ ᠡᠬᠦᠰᠴᠦ᠂ ᠢᠳᠡᠭᠡᠳᠦ ᠴᠦᠪᠦᠷᠢᠬᠦᠦ ᠰᠢᠷᠬᠠᠯᠠᠭ᠎ᠠ ᠡᠬᠦᠰᠦᠨ᠎ᠡ᠃ ᠤᠷᠤᠭᠤᠯ ᠤᠨ ᠬᠡᠯᠪᠡᠷᠢ᠂ ᠲᠤᠭᠤᠷᠠᠢ ᠶᠢᠨ ᠬᠡᠯᠪᠡᠷᠢ ᠪᠠ ᠭᠠᠳᠠᠷ ᠪᠡᠯᠬᠡ ᠶᠢᠨ ᠬᠡᠯᠪᠡᠷᠢ ᠬᠡᠵᠦ 3  ᠵᠦᠢᠯ ᠬᠤᠪᠢᠶᠠᠨ᠎ᠠ᠃     ᠰᠡᠷᠭᠡᠶᠢᠯᠡᠨ ᠵᠠᠰᠠᠬᠤ ᠠᠷᠭ᠎ᠠ᠄  ᠡᠩ ᠲᠡᠷᠢᠬᠦᠨ ᠳᠤ ᠡᠪᠡᠳᠴᠢᠳᠡᠢ ᠬᠤᠨᠢ ᠶᠢ ᠲᠤᠰᠠᠭᠠᠷᠯᠠᠵᠤ᠂ ᠬᠠᠰᠢᠶ᠎ᠠ ᠰᠠᠷᠠᠪᠴᠢ ᠶᠢ ᠠᠷᠢᠭᠤᠳᠬᠠᠬᠤ ᠠᠵᠢᠯ ᠶᠢᠨ ᠰᠠᠶᠢᠳᠤᠷ ᠬᠢᠨ᠎ᠡ᠃ ᠡᠮᠴᠢᠯᠡᠨ ᠵᠠᠰᠠᠬᠤ ᠳᠤ ᠪᠠᠨ ᠲᠠᠪ ᠢ ᠨᠢ ᠠᠪᠴᠤ ᠬᠠᠶᠠᠨ ᠢᠤᠳ᠋ᠳᠤ ᠭᠯᠢᠼᠧᠷᠢᠨ ᠲᠦᠷᠬᠢᠨ᠎ᠡ᠃ ᠠᠮᠠᠨ ᠬᠦᠨᠳᠡᠢ ᠶᠢᠨ ᠰᠢᠷᠬᠠᠯᠠᠭ᠎ᠠ ᠪᠠᠶᠢᠪᠠᠯ 0.1% — 0.2%  ᠤᠨ ᠲᠡᠭᠡᠳᠦ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ᠪᠤᠶᠤ ᠹᠢᠽᠢᠦᠯᠦᠬᠢ ᠶᠢᠨ ᠲᠠᠪᠤᠰᠤᠨ ᠠᠭᠤᠰᠤᠮᠠᠯ ᠢᠶᠠᠷ ᠰᠢᠷᠬᠠᠯᠠᠭ᠎ᠠ ᠶᠢ ᠤᠬᠢᠶᠠᠵᠤ᠂ ᠲᠡᠭᠡᠷ᠎ᠡ ᠨᠢ ᠪᠢᠩ ᠫᠧᠩ ᠰᠠᠨ ᠪᠤᠶᠤ ᠴᠢᠩ ᠳ᠋ᠠᠢ ᠰᠠᠨ ᠲᠦᠷᠬᠢᠨ᠎ᠡ᠃ ᠡᠳᠦᠷ ᠪᠦᠷᠢ 2 ᠤᠳᠠᠭ᠎ᠠ᠂ ᠵᠠᠯᠭᠠᠭᠠᠳ ᠨᠢᠬᠡ ᠭᠠᠷᠠᠭ ᠬᠡᠷᠡᠭᠯᠡᠨ᠎ᠡ᠃ ᠪᠠᠭᠠᠯᠵᠤᠤᠷ ᠤᠨ ᠦᠷᠪᠢᠰᠦᠯ ᠪᠠ ᠠᠭᠤᠰᠬᠢᠨ ᠦᠷᠪᠢᠰᠦᠯ ᠡᠭᠦᠰᠪᠡᠯ ᠴᠢᠩ ᠮᠸᠢ ᠰᠤ᠋ 40 ᠲᠦᠮᠡᠨ — 100  ᠲᠦᠮᠡᠨ ᠲᠡᠯᠡᠬᠡᠢ ᠨᠡᠶᠢᠳᠡ ᠶᠢᠨ ᠨᠢᠬᠡᠴᠢ ᠪᠠᠷ ᠪᠤᠯᠴᠢᠩ ᠳᠤ ᠲᠠᠷᠢᠨ ᠡᠮᠨᠡᠨ ᠵᠠᠰᠠᠨ᠎ᠠ᠃  ᠪᠠᠰᠠ ᠭᠤᠷᠪᠠᠨ ᠰᠢᠷ᠎ᠠ ᠲᠠᠯᠬ᠎ᠠ ᠪᠠ ᠰᠢᠷ᠎ᠠ ᠲᠠᠩ ᠢ ᠪᠤᠷᠳᠤᠭ᠎ᠠ ᠳᠤ ᠨᠢ ᠬᠤᠯᠢᠵᠤ ᠲᠠᠵᠢᠬᠡᠨ ᠬᠠᠪᠰᠤᠷᠭᠠᠨ ᠵᠠᠰᠠᠵᠤ ᠪᠤᠯᠤᠨ᠎ᠠ᠃ ᠡᠮ ᠬᠡᠷᠡᠭᠯᠡᠬᠦ ᠬᠡᠮᠵᠢᠶ᠎ᠡ ᠨᠢ ᠬᠤᠨᠢ ᠪᠦᠷᠢ 20 — 50 ᠭᠷᠠᠮ ᠵᠠᠯᠭᠠᠭᠠᠳ 3 —5 ᠡᠳᠦᠷ ᠬᠡᠷᠡᠭᠯᠡᠪᠡᠯ ᠪᠤᠯᠴᠢᠬᠠᠨ᠎ᠠ᠃
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号