ᠠᠳᠤᠭᠤᠨ ᠤ ᠡᠪᠡᠳᠴᠢᠨ ᠢ ᠵᠠᠰᠠᠬᠤ ᠲᠤᠬᠠᠢ
ᠨᠡᠶᠢᠲᠡᠯᠡᠭᠰᠡᠨ ᠴᠠᠭ᠄
2021/8/13
    ᠬᠡᠬᠡᠯ ᠬᠠᠶᠠᠬᠤ᠄  ᠶᠡᠷᠦ ᠳᠤ ᠪᠠᠨ ᠡᠮᠨᠡᠵᠦ ᠵᠠᠰᠠᠳᠠᠭ ᠦᠬᠡᠢ᠂ ᠬᠡᠷᠪᠡ ᠪᠡᠶ᠎ᠡ ᠶᠢᠨ ᠲᠤᠯᠠᠭᠠᠨ ᠨᠢ ᠲᠡᠭᠡᠭᠰᠢᠯᠡᠭᠰᠡᠨ ᠪᠠᠶᠢᠪᠠᠯ ᠯᠢᠶᠠᠨ ᠮᠸᠢ ᠰᠣ᠋ ᠶᠢ1 — 3 ᠭᠷᠡᠮ ᠢᠶᠠᠷ ᠪᠤᠯᠴᠢᠩ ᠳᠤ ᠨᠢ 5 ᠡᠳᠦᠷ ᠲᠠᠷᠢᠨ᠎ᠠ᠃  ᠪᠠᠰᠠ ᠪᠤᠯᠴᠢᠩ ᠤᠨ ᠬᠦᠨ ᠬᠡᠰᠡᠭ ᠲᠤ 2 — 3 ᠭᠷᠡᠮ ᠢᠶᠠᠷ ᠦᠨᠵᠢᠬᠡᠳ ᠨᠢᠬᠡ ᠤᠳᠠᠭ᠎ᠠ ᠪᠠᠷ ᠦᠷᠭᠦᠯᠵᠢᠯᠡᠨ 5  — 10 ᠤᠳᠠᠭ᠎ᠠ ᠲᠠᠷᠢᠨ᠎ᠠ᠃     ᠬᠡᠮᠨᠡᠭᠰᠡᠨ ᠠᠵᠢᠷᠭ᠎ᠠ᠄ ᠡᠭᠦᠨ ᠳᠤ ᠲᠤ ᠮᠸᠢ ᠰᠤ᠋ ᠪᠤᠶᠤ ᠯᠢᠶᠠᠨ ᠮᠸᠢ ᠰᠣ᠋   ᠶᠢ ᠬᠡᠷᠡᠭᠯᠡᠵᠦ ᠪᠤᠯᠤᠨ᠎ᠠ᠃ ᠵᠠᠰᠠᠭ᠎ᠠ ᠨᠢ ᠬᠠᠪᠤᠳᠤᠭᠰᠠᠨ ᠪᠤᠯ ᠬᠠᠴᠢᠷᠯᠠᠭᠰᠠᠨ ᠼᠤᠤ ᠲᠤᠭᠤᠯᠭ᠎ᠠ ᠶᠢᠨ ᠨᠤᠨᠳᠠᠭ ᠢ ᠼᠤᠤ ᠪᠠᠷ ᠨᠠᠶᠢᠷᠠᠭᠤᠯᠵᠤ ᠵᠢᠭᠤᠷᠠᠭᠠᠳ ᠵᠠᠰᠠᠭ᠎ᠠ ᠶᠢᠨ ᠬᠠᠪᠤᠳᠤᠭᠰᠠᠨ ᠬᠡᠰᠡᠭ ᠳᠤ ᠨᠢ ᠬᠠᠪᠤᠳᠠᠷ ᠢ ᠨᠢ ᠠᠷᠢᠯᠳᠠᠯ᠎ᠠ ᠲᠦᠷᠬᠢᠨ᠎ᠡ᠃ ᠮᠤᠨᠳᠠᠭ᠎ᠠ  ᠶᠢᠨ ᠬᠡᠰᠡᠭ ᠴᠤᠭᠤᠷᠠᠭᠰᠠᠨ ᠪᠤᠯ ᠭᠠᠳᠠᠷ ᠡᠮᠨᠡᠯᠬᠡ ᠶᠢᠨ ᠵᠠᠰᠠᠯᠭ᠎ᠠ ᠪᠠᠷ ᠡᠮᠴᠢᠯᠡᠬᠦ ᠬᠡᠷᠡᠭᠳᠡᠢ᠃     ᠬᠡᠮᠨᠡᠭᠰᠡᠨ ᠨᠢᠷᠠᠢ ᠤᠨᠠᠭ᠎ᠠ᠄ ᠯᠢᠶᠠᠨ ᠮᠸᠢ ᠰᠣ᠋ ᠶᠢ ᠤᠳᠠᠭ᠎ᠠ ᠪᠦᠷᠢ 1ᠭᠷᠡᠮ ᠢᠶᠠᠷ ᠪᠤᠯᠴᠢᠩ ᠳᠤ ᠲᠠᠷᠢᠨ᠎ᠠ᠃ ᠡᠰᠡᠭᠦᠯ᠎ᠡ ᠲᠤ ᠮᠸᠢ ᠰᠤ᠋ 1ᠭᠷᠡᠮ ᠢ 5% ᠤᠨ ᠾᠯᠦᠷᠳᠦ ᠮᠠᠭᠨᠢ ᠶᠢᠨ ᠠᠭᠤᠰᠤᠮᠠᠯ ᠳᠤ 10 — 20 ml ᠢᠶᠠᠷ ᠠᠭᠤᠰᠬᠠᠵᠤ᠂ ᠪᠤᠯᠴᠢᠩ ᠤᠨ ᠬᠦᠨ ᠬᠡᠰᠡᠭ ᠲᠤ ᠨᠢᠬᠡ ᠤᠳᠠᠭ᠎ᠠ ᠬᠡᠳᠦᠨ ᠭᠠᠵᠠᠷ ᠲᠤ ᠬᠤᠪᠢᠶᠠᠵᠤ ᠲᠠᠷᠢᠨ᠎ᠠ᠃ ᠬᠡᠰᠡᠭ ᠭᠠᠵᠠᠷ ᠲᠤ ᠨᠢ ᠬᠠᠪᠤᠳᠠᠷ ᠲᠠᠢ ᠪᠤᠯ ᠬᠠᠴᠢᠷᠯᠠᠭᠰᠠᠨ ᠼᠤᠤ ᠲᠤᠭᠤᠯᠭ᠎ᠠ ᠶᠢᠨ ᠨᠤᠨᠳᠠᠭ ᠪᠤᠶᠤ 10% ᠶᠢᠨ ᠲᠠᠪᠠᠷᠬᠠᠢ ᠶᠢᠨ ᠲᠤᠰᠤᠨ ᠬᠠᠨᠳᠠ ᠡᠮ ᠢ ᠲᠦᠷᠬᠢᠵᠦ ᠪᠠᠰᠠ ᠪᠤᠯᠤᠨ᠎ᠠ᠃ ᠴᠢᠬᠤᠯᠠᠳᠠᠢ ᠦᠶ᠎ᠡ ᠳᠤ ᠦᠶ᠎ᠡ ᠶᠢᠨ ᠬᠠᠪᠤᠳᠠᠷ ᠠᠴᠠ ᠨᠡᠪᠴᠢᠭᠰᠡᠨ ᠰᠢᠩᠭᠡᠨ ᠢ ᠪᠠᠺᠲ᠋ᠧᠷᠢ ᠦᠬᠡᠢ ᠲᠠᠷᠢᠯᠭ᠎ᠠ ᠶᠢᠨ ᠪᠠᠭᠠᠵᠢ ᠪᠠᠷ ᠲᠠᠳᠠᠨ ᠭᠠᠷᠭᠠᠵᠤ ᠪᠤᠯᠤᠨ᠎ᠠ᠃
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号