ᠭᠤᠷᠪᠠᠨ ᠮᠠᠶᠢᠬᠠᠨ ᠲᠤᠰᠬᠤᠨ᠄ ᠤᠨᠴᠠᠯᠢᠭᠳᠣ ᠯᠠᠩᠭᠤᠸᠠ    ᠪᠠᠶᠠᠵᠢᠯ ᠤᠨ ᠠᠯᠳᠠᠨ ᠬᠠᠷᠭᠤᠢ
ᠨᠡᠶᠢᠲᠡᠯᠡᠭᠰᠡᠨ ᠴᠠᠭ᠄
2021/8/11
     ᠰᠢᠶᠠᠨ ᠹᠧᠩ ᠪᠠᠯᠭᠠᠰᠤᠨ ᠤ  ᠭᠤᠷᠪᠠᠨ ᠮᠠᠶᠢᠬᠠᠨ ᠲᠤᠰᠬᠤᠨ ᠤ ᠬᠦᠷᠦᠰᠦ ᠰᠢᠷᠤᠢ ᠨᠢ ᠡᠯᠡᠰᠦᠷᠭᠡᠭ ᠬᠦᠷᠦᠰᠦ ᠰᠢᠷᠤᠢ ᠪᠤᠯᠤᠨ᠎ᠠ᠂ ᠤᠤᠯ ᠳᠠᠭᠠᠨ ᠲᠠᠷᠢᠮᠠᠯ  ᠤᠨ ᠪᠦᠳᠦᠴᠡ ᠨᠢ ᠲᠠᠩ ᠴᠤᠯᠭᠤᠢ ᠪᠠᠶᠢᠵᠠᠢ᠃ ᠤᠶᠢᠷ᠎ᠠ ᠶᠢᠨ ᠵᠢᠯ ᠠᠴᠠ ᠨᠠᠰᠢ᠂ ᠬᠦᠷᠦᠰᠦ ᠰᠢᠷᠤᠢ ᠶᠢᠨ ᠦᠷ᠎ᠡ ᠠᠰᠢᠭ ᠢ ᠲᠡᠭᠡᠭᠰᠢᠯᠡᠬᠦᠯᠵᠦ᠂ ᠲᠠᠷᠢᠶᠠᠴᠢᠳ ᠤᠨ ᠤᠷᠤᠯᠭ᠎ᠠ ᠶᠢ ᠲᠡᠭᠡᠭᠰᠢᠯᠡᠬᠦᠯᠬᠦ ᠶᠢᠨ ᠲᠦᠯᠦᠬᠡ᠂ ᠰᠢᠶᠠᠨ ᠹᠧᠩ ᠪᠠᠯᠭᠠᠰᠤ ᠤᠨᠴᠠᠯᠢᠭᠳᠣ ᠲᠠᠷᠢᠮᠠᠯ ᠤᠨ ᠴᠤᠭᠯᠠᠷᠠᠯ ᠤᠨ ᠦᠷ᠎ᠡ ᠠᠰᠢᠭ ᠢ ᠬᠦᠢᠴᠡᠳ ᠪᠠᠳᠠᠷᠠᠭᠤᠯᠵᠤ᠂ ᠲᠤᠰ ᠭᠠᠵᠠᠷ ᠤᠨ ᠡᠬᠢ ᠰᠣᠷᠪᠤᠯᠵᠢ ᠳᠤ ᠵᠤᠭᠰᠤᠪᠤᠷᠢᠯᠠᠨ ᠲᠠᠷᠢᠶᠠᠴᠢᠳ ᠢ ᠬᠦᠳᠦᠯᠦᠨ ᠲᠠᠭᠠᠭᠤᠯᠵᠦ ᠠᠵᠤ ᠦᠢᠯᠡᠰ ᠤᠨ ᠪᠦᠳᠦᠴᠡ ᠶᠢ ᠲᠠᠰᠤᠷᠠᠯᠳᠠ ᠦᠬᠡᠢ ᠰᠢᠯᠢᠳᠡᠭᠵᠢᠬᠦᠯᠵᠦ᠂ 2010 ᠤᠨ ᠳᠤ ᠯᠠᠩᠭᠤᠸᠠ ᠶᠢ   ᠲᠠᠳᠠᠨ ᠤᠷᠤᠭᠤᠯᠵᠤ ᠲᠠᠷᠢᠵᠠᠢ᠃ ᠯᠠᠩᠭᠤᠸᠠ ᠨᠢ ᠡᠯᠡᠰᠦᠷᠭᠡᠭ ᠭᠠᠵᠠᠷ ᠲᠤ ᠲᠤᠬᠢᠷᠠᠬᠤ ᠮᠦᠷᠳᠡᠭᠡᠨ ᠨᠠᠷᠠᠨ ᠤ ᠬᠡᠷᠡᠯ ᠬᠦᠢᠴᠡᠳ ᠪᠠᠶᠢᠳᠠᠭ ᠠᠴᠠ ᠠᠳᠡ ᠲᠠᠷᠢᠭᠰᠠᠨ ᠯᠠᠩᠭᠤᠸᠠ ᠦᠩᠭᠡ ᠵᠢᠰᠦ ᠪᠠᠷ ᠰᠠᠶᠢᠬᠠᠨ᠂ ᠦᠨᠦᠷ ᠠᠮᠳᠠ ᠭᠤᠶᠢᠳᠠ ᠪᠠᠶᠢᠵᠤ᠂ ᠤᠨᠠᠯᠳᠠ ᠪᠠ ᠦᠷ᠎ᠡ ᠠᠰᠢᠭ ᠢᠶᠠᠷ ᠪᠤᠰᠤᠳ ᠲᠠᠷᠢᠮᠠᠯ ᠠᠴᠠ ᠦᠨᠳᠦᠷ ᠶᠤᠮ᠃ 2015 ᠣᠨ ᠳᠤ ᠲᠤᠰᠬᠤᠨ ᠤ ᠬᠤᠶᠠᠷ ᠵᠦᠪᠯᠡᠯ ᠤᠨ ᠲᠠᠭᠠᠭᠤᠯᠭ᠎ᠠ ᠪᠠᠷ ᠠᠮᠳᠠᠰᠢᠭᠰᠠᠨ ᠲᠠᠷᠢᠶᠠᠴᠢᠳ ᠭᠤᠷᠪᠠᠨ ᠮᠠᠶᠢᠬᠠᠨ ᠤ ᠵᠢᠦᠢ ᠨᠧᠩ ᠲᠠᠷᠢᠶᠠᠯᠠᠩ ᠠᠷᠠᠯᠵᠢᠶᠠᠨ ᠤ ᠲᠤᠰᠬᠠᠢ ᠬᠤᠷᠰᠢᠶᠠᠵᠢᠯ ᠢ ᠪᠠᠶᠢᠭᠤᠯᠵᠤ᠂ ᠪᠦᠳᠦᠴᠡ ᠪᠠᠨ ᠲᠤᠬᠢᠷᠠᠭᠤᠯᠤᠨ᠂  ᠬᠢᠮᠳᠡ ᠦᠨ᠎ᠡ ᠪᠠᠷ ᠯᠠᠩᠭᠤᠸᠠ ᠲᠠᠷᠢᠬᠤ ᠡᠷᠦᠬᠡ ᠳᠤ ᠬᠢᠮᠢ ᠶᠢᠨ ᠪᠤᠷᠳᠤᠭᠤᠷ᠂ ᠯᠠᠩᠭᠤᠸᠠ ᠶᠢᠨ ᠦᠷ᠎ᠡ ᠶᠢ ᠬᠠᠩᠭᠠᠵᠤ ᠲᠦᠯᠦᠪᠦᠷᠢ ᠦᠬᠡᠢ ᠪᠠᠷ ᠮᠡᠷᠭᠡᠵᠢᠯ ᠵᠢᠭᠠᠵᠤ ᠨᠢᠬᠡᠳᠦᠯᠳᠡᠢ ᠠᠷᠠᠯᠵᠢᠶᠠᠨ ᠲᠠᠢ ᠬᠠᠷᠢᠴᠠᠨ ᠪᠤᠷᠤᠯᠠᠭᠤᠯᠵᠤ᠂ ᠤᠳᠤ ᠪᠤᠯᠬᠤ ᠳᠤ ᠪᠸᠢ ᠪᠸᠢ ᠯᠠᠩᠭᠤᠸᠠ᠂ ᠤᠯᠠᠭᠠᠨ ᠯᠠᠩᠭᠤᠸᠠ᠂ ᠬᠠᠷ᠎ᠠ ᠯᠠᠩᠭᠤᠸᠠ ᠵᠡᠷᠭᠡ ᠲᠤᠯᠤᠭ᠎ᠠ ᠨᠠᠢᠮᠠᠨ ᠯᠠᠩᠭᠤᠸᠠ ᠶᠢᠨ ᠲᠦᠷᠦᠯ ᠲᠠᠢ ᠪᠤᠯᠵᠤ᠂ ᠲᠠᠯᠠᠪᠠᠢ ᠨᠢ ᠬᠠᠮᠤᠭ ᠠᠩᠬᠠᠨ ᠤ ᠬᠡᠳᠦᠨ ᠵᠠᠭᠤᠨ ᠮᠤ᠋ ᠪᠠᠶᠢᠭᠰᠠᠨ ᠠᠴᠠ 4000 ᠭᠠᠷᠤᠢ ᠮᠤ᠋ ᠪᠤᠯᠤᠨ ᠬᠦᠭᠵᠢᠵᠦ ᠂ ᠪᠡᠬᠡᠵᠢᠩ᠂ ᠲᠢᠶᠡᠨᠵᠢᠨ᠂ ᠱᠠᠩᠬᠠᠢ᠂  ᠭᠤᠸᠠᠩᠵᠸᠦ᠂ ᠰᠢ ᠠᠨ ᠵᠡᠷᠭᠡ ᠠᠷᠪᠠ ᠭᠠᠷᠤᠢ ᠬᠤᠳᠠ ᠳᠤ ᠪᠤᠷᠤᠯᠠᠭᠤᠯᠤᠯᠳᠠ ᠰᠠᠶᠢᠳᠠᠢ ᠪᠠᠶᠢᠨ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ