ᠴᠢᠰᠤᠨ ᠲᠠᠷᠤᠯᠳᠠ ᠶᠢ ᠪᠠᠭᠤᠷᠠᠭᠤᠯᠬᠤ ᠡᠮ ᠲᠤᠯᠤᠭᠠᠢ ᠡᠪᠡᠳᠦᠬᠦᠯᠳᠡᠭ
ᠨᠡᠶᠢᠲᠡᠯᠡᠭᠰᠡᠨ ᠴᠠᠭ᠄
2021/7/23
      ᠰᠢᠶᠤᠤ ᠪᠧᠨ ᠲᠢ ᠫᠢᠩ ᠡᠮ ᠴᠢᠰᠤᠨ ᠲᠠᠷᠤᠯᠳᠠ ᠶᠢ ᠪᠠᠭᠤᠷᠠᠭᠤᠯᠳᠠᠭ ᠴᠤ ᠲᠤᠯᠤᠭᠠᠢ ᠡᠪᠡᠳᠦᠬᠦᠯᠳᠡᠭ᠃       ᠡᠩ ᠤᠨ ᠲᠠᠷᠢᠬᠦᠨ ᠳᠤ  ᠂ ᠰᠢᠶᠤᠤ ᠪᠧᠨ ᠲᠢ ᠫᠢᠩ ᠡᠮ ᠺᠠᠯᠼᠳᠤ ᠢᠶᠦ᠋ᠨ ᠵᠢᠷᠤᠭᠡᠨ ᠪᠤᠯᠴᠢᠩ ᠪᠤᠶᠤ ᠴᠤᠯᠭᠤᠢ ᠪᠤᠯᠴᠢᠩ ᠳᠤ ᠤᠷᠤᠰᠤᠨ ᠤᠷᠤᠬᠤ ᠶᠢ ᠬᠠᠷᠰᠢᠯᠠᠨ ᠴᠢᠰᠤᠨ ᠰᠣᠳᠠᠯ ᠢ ᠲᠡᠯᠡᠵᠦ ᠴᠢᠰᠤᠨ ᠲᠠᠷᠤᠯᠳᠠ ᠶᠢ ᠪᠠᠭᠤᠷᠠᠭᠤᠯᠳᠠᠭ᠃ ᠴᠢᠰᠤᠨ ᠲᠠᠷᠤᠯᠳᠠ ᠶᠢ ᠪᠠᠭᠤᠷᠠᠭᠤᠯᠬᠤ ᠡᠮ ᠨᠢ ᠲᠡᠷᠢᠬᠢᠨ ᠤ ᠪᠦᠷᠭᠦᠪᠴᠢ ᠳᠤ ᠬᠢᠮᠢ ᠶᠢᠨ ᠰᠡᠳᠡᠯᠳᠡ ᠪᠤᠯᠤᠭᠰᠠᠨ ᠠᠴᠠ ᠲᠤᠯᠤᠭᠠᠢ ᠡᠪᠡᠳᠦᠬᠦᠯᠳᠡᠭ ᠢ ᠠᠨᠠᠭᠠᠬᠤ ᠤᠬᠠᠭᠠᠨ ᠲᠡᠭᠡᠷ᠎ᠡ ᠰᠣᠳᠠᠯ ᠲᠡᠯᠡᠭᠰᠡᠨ ᠴᠢᠨᠠᠷᠳᠠᠢ ᠲᠤᠯᠤᠭᠠᠢ ᠡᠪᠡᠳᠬᠦ ᠬᠡᠳᠡᠭ᠃       ᠲᠠᠷᠠᠭᠠᠯᠠᠪᠠᠯ ᠡᠮ ᠤᠨ ᠬᠡᠮᠵᠢᠶ᠎ᠡ᠂ ᠦᠢᠯᠡᠳᠬᠦ ᠤᠷᠠᠯᠠᠯ ᠵᠡᠷᠭᠡ ᠨᠢ ᠠᠳᠠᠯᠢ ᠪᠤᠰᠤ ᠠᠴᠠ ᠡᠮ ᠤᠨ ᠪᠡᠶ᠎ᠡ ᠳᠤ ᠲᠠᠷᠬᠠᠬᠤ ᠬᠤᠷᠳᠤᠴᠠ ᠶᠢ ᠠᠳᠠᠯᠢ ᠪᠤᠰᠤ ᠪᠤᠯᠭᠠᠨ᠂ ᠠᠳᠠᠯᠢ ᠪᠤᠰᠤ ᠬᠡᠮᠵᠢᠶ᠎ᠡ ᠪᠠᠷ ᠲᠤᠯᠤᠭᠠᠢ ᠡᠪᠡᠳᠦᠬᠦᠯᠳᠡᠭ᠃       ᠰᠢᠶᠤᠤ ᠪᠧᠨ ᠲᠢ ᠫᠢᠩ ᠡᠮ ᠢ ᠡᠩ ᠤᠨ ᠬᠠᠪᠳᠠᠭᠠᠢ ᠡᠮ᠂ ᠠᠭᠠᠵᠢᠮ ᠲᠠᠷᠬᠠᠬᠤ ᠬᠠᠪᠳᠠᠭᠠᠢ ᠡᠮ ᠪᠠ ᠬᠢᠵᠠᠭᠠᠷᠳᠠᠢ ᠲᠠᠷᠬᠠᠬᠤ ᠬᠠᠪᠳᠠᠭᠠᠢ ᠡᠮ ᠬᠡᠵᠦ 3 ᠵᠦᠢᠯ ᠬᠤᠪᠢᠶᠠᠨ᠂ ᠡᠩ ᠤᠨ ᠬᠠᠪᠳᠠᠭᠠᠢ ᠡᠮ ᠢ ᠶᠡᠷᠦ ᠶᠢᠨ ᠪᠠᠶᠢᠳᠠᠯ ᠳᠤ ᠡᠳᠦᠷ ᠤᠨ 3 — 4 ᠤᠳᠠᠭ᠎ᠠ ᠤᠤᠭᠤᠪᠠᠯ ᠲᠤᠯᠤᠭᠠᠢ ᠡᠪᠳᠭᠦ ᠬᠠᠷᠢᠴᠠᠯ ᠨᠢ 4%  — 12.5% ᠪᠠᠶᠢᠵᠤ᠂ ᠠᠭᠠᠵᠢᠮ ᠲᠠᠷᠬᠠᠬᠤ ᠬᠠᠪᠳᠠᠭᠠᠢ ᠡᠮ ᠢ ᠶᠡᠷᠦ ᠶᠢᠨ ᠪᠠᠶᠢᠳᠠᠯ ᠳᠤ ᠡᠳᠦᠷ   ᠤᠨ 2 ᠤᠳᠠᠭ᠎ᠠ᠂ ᠬᠢᠵᠠᠭᠠᠷᠳᠠᠢ ᠲᠠᠷᠬᠠᠬᠤ  ᠬᠠᠪᠳᠠᠭᠠᠢ ᠡᠮ ᠨᠢ 24  ᠴᠠᠭ ᠲᠤ ᠵᠢᠭᠳᠡ ᠬᠤᠷᠳᠤᠴᠠ ᠪᠠᠷ ᠲᠠᠷᠬᠠᠳᠠᠭ ᠲᠤᠯᠠ ᠡᠳᠦᠷ  ᠤᠨ 1 ᠤᠳᠠᠭ᠎ᠠ ᠤᠤᠭᠤᠪᠠᠯ ᠲᠤᠯᠤᠭᠠᠢ ᠡᠪᠳᠭᠦ ᠬᠠᠷᠢᠴᠠᠯ ᠨᠢ ᠡᠩ ᠤᠨ ᠬᠠᠪᠳᠠᠭᠠᠢ ᠡᠮ ᠪᠠ ᠠᠭᠠᠵᠢᠮ ᠲᠠᠷᠬᠠᠬᠤ ᠬᠠᠪᠳᠠᠭᠠᠢ ᠡᠮ   ᠠᠴᠠ ᠲᠤᠤᠷ᠎ᠠ ᠪᠠᠶᠢᠳᠠᠭ᠃
 
ᠢᠷᠡᠯᠲᠡ᠄ ᠪᠠᠶᠠᠨ ᠨᠠᠭᠤᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号