ᠬᠠᠳᠠᠭᠠᠭᠰᠠᠨ ᠦᠬᠡᠷ ᠤᠨ ᠮᠢᠬ᠎ᠠ ᠬᠡᠢ ᠡᠪᠳᠴᠢᠨ ᠲᠠᠷᠤᠬᠤ ᠦᠢᠯᠡᠳᠦᠯ ᠲᠠᠢ
ᠨᠡᠶᠢᠲᠡᠯᠡᠭᠰᠡᠨ ᠴᠠᠭ᠄
2021/7/23
    ᠬᠠᠮᠢᠶ᠎ᠠ ᠪᠦᠬᠦᠢ ᠲᠡᠦᠭᠡᠨ ᠲᠡᠮᠳᠡᠭᠯᠡᠯ ᠢ ᠦᠨᠳᠦᠰᠦᠯᠠᠪᠠᠯ ᠬᠠᠳᠠᠭᠠᠭᠰᠠᠨ ᠦᠬᠡᠷ ᠤᠨ ᠮᠢᠬ᠎ᠠ ᠨᠢ ᠬᠦᠮᠦᠨ ᠤ ᠪᠠᠶ᠎ᠠ ᠶᠢᠨ ᠬᠡᠢ ᠶᠢ ᠲᠠᠷᠤᠨ ᠪᠡᠶ᠎ᠡ ᠶᠢ ᠴᠢᠬᠢᠷᠠᠭᠵᠢᠭᠤᠯᠬᠤ᠂ ᠲᠠᠮᠢᠷ ᠲᠡᠩᠭᠡᠭᠡ ᠶᠢ ᠰᠠᠶᠢᠵᠢᠷᠠᠭᠤᠯᠬᠤ᠂ ᠲᠡᠯᠢᠬᠦᠦ ᠬᠤᠳᠤᠭᠤᠳᠤ ᠶᠢ ᠲᠦᠯᠵᠢᠬᠦᠯᠬᠦ ᠴᠢᠳᠠᠯ ᠲᠠᠢ ᠪᠦᠬᠡᠳ ᠡᠪᠡᠳᠴᠢᠯᠡᠭᠡᠳ ᠡᠴᠡᠵᠦ ᠲᠤᠷᠠᠬᠤ ᠪᠠ ᠡᠪᠦᠳᠦᠭ ᠨᠢᠷᠤᠭᠤ ᠰᠢᠮᠰᠢᠷᠡᠬᠦ᠂ ᠴᠢᠰᠤ ᠲᠤᠳᠠᠬᠤ ᠡᠪᠡᠳᠴᠢᠨ ᠵᠡᠷᠭᠡ ᠶᠢ ᠠᠨᠠᠭᠠᠬᠤ ᠦᠢᠯᠡᠳᠦᠯ ᠲᠠᠢ᠃     ᠬᠠᠳᠠᠭᠠᠭᠰᠠᠨ ᠦᠬᠡᠷ ᠤᠨ ᠮᠢᠬ᠎ᠠ ᠶᠢ ᠶᠡᠷᠦ ᠨᠢ ᠳᠠᠭᠠᠨ ᠳᠡᠭᠡᠨ ᠰᠢᠷᠠᠬᠤ ᠮᠡᠳᠦ ᠪᠠᠷ ᠢᠳᠡᠵᠦ᠂ ᠬᠡᠷᠡᠭᠯᠡᠬᠦ ᠵᠢᠱᠢᠶ᠎ᠡ ᠨᠢ ᠲᠤᠤᠷᠠᠬᠢ ᠮᠡᠳᠦ᠄    1. ᠬᠠᠳᠠᠭᠠᠭᠰᠠᠨ ᠦᠬᠡᠷ ᠤᠨ ᠮᠢᠬ᠎ᠠ ᠶᠢ ᠬᠡᠰᠡᠭᠯᠡᠨ ᠬᠡᠷᠴᠢᠵᠦ ᠲᠣᠰᠣᠨ ᠳᠤ ᠪᠤᠴᠠᠯᠭᠠᠵᠤ ᠢᠳᠡᠪᠡᠯ ᠬᠡᠢ ᠡᠪᠳᠴᠢᠨ᠂ ᠲᠠᠮᠢᠷ ᠲᠤᠷᠤᠢ ᠡᠪᠡᠳᠴᠢᠨ ᠢ ᠠᠨᠠᠭᠠᠨ᠎ᠠ᠃    2. ᠬᠠᠳᠠᠭᠠᠭᠰᠠᠨ ᠦᠬᠡᠷ ᠤᠨ ᠭᠤᠶᠠᠨ ᠤ ᠮᠢᠬ᠎ᠠ ᠶᠢ ᠨᠢᠬᠡ ᠢᠮᠠᠬᠤ ᠵᠤᠵᠠᠭᠠᠨ᠂ ᠭᠤᠷᠪᠠᠨ ᠢᠮᠡᠬᠤ ᠣᠷᠳᠣ ᠬᠡᠷᠴᠢᠵᠦ᠂ ᠵᠢᠩ ᠮᠢᠬᠠᠨ ᠳᠤ ᠨᠤᠨᠳᠠᠭ ᠲᠠᠪᠤᠰᠤ 15 ᠭᠷᠠᠮ᠂ ᠬᠤᠤᠵᠤᠤ 10 ᠭᠷᠠᠮ᠂ ᠰᠤᠩᠭᠢᠨ᠎ᠡ 100 ᠭᠷᠠᠮ ᠦᠷᠦᠵᠦ ᠨᠢᠬᠡ ᠴᠠᠭ ᠪᠤᠯᠤᠭᠰᠠᠨ ᠤ ᠲᠠᠷᠠᠭ᠎ᠠ ᠲᠤᠭᠤᠭᠠᠨ ᠲᠡᠭᠡᠷ᠎ᠡ ᠬᠠᠩᠨᠠᠭᠠᠳ ᠨᠢᠬᠡ ᠤᠳᠠᠭ᠎ᠠ ᠡᠷᠬᠢᠬᠦᠯᠦᠨ ᠪᠤᠯᠭᠤᠭᠠᠳ ᠰᠢᠷ᠎ᠠ ᠲᠤᠰᠤ ᠲᠦᠷᠬᠢᠵᠦ ᠢᠳᠡᠪᠠᠯ ᠬᠡᠢ ᠡᠪᠡᠳᠴᠢᠨ ᠲᠠᠮᠢᠷ ᠲᠡᠩᠭᠡᠭᠡ ᠲᠤᠷᠤᠶᠢᠳᠠᠭᠰᠠᠨ ᠵᠡᠷᠭᠡ ᠶᠢ ᠠᠨᠠᠭᠠᠨ᠎ᠠ᠃    100 ᠭᠷᠠᠮ ᠬᠠᠳᠠᠭᠠᠭᠰᠠᠨ ᠦᠬᠡᠷ ᠤᠨ ᠮᠢᠬ᠎ᠠ ᠳᠤ ᠤᠭᠤᠷᠠᠭ 55.60 ᠭᠷᠠᠮ᠂ ᠦᠬᠡᠬᠦ 8.00 ᠭᠷᠠᠮ᠂ ᠨᠡᠬᠦᠷᠡᠰᠦ ᠣᠰᠣᠨ ᠤ ᠨᠢᠬᠡᠳᠪᠦᠷᠢ 15.00 ᠭᠷᠠᠮ᠂ ᠺᠤᠯᠧᠰᠲ᠋ᠧᠷᠦᠯ 120.00 ᠮᠢᠯᠢᠭᠷᠡᠮ᠂  ᠸᠢᠲᠮᠢᠨ B10.06 ᠮᠢᠯᠢᠭᠷᠡᠮ᠂ ᠸᠢᠲᠮᠢᠨ B20.26 ᠮᠢᠯᠢᠭᠷᠡᠮ᠂ ᠲᠡᠮᠡᠬᠢᠨ ᠬᠦᠴᠢᠯ 15.20 ᠮᠢᠯᠢᠭᠷᠡᠮ᠂ ᠫᠤᠰᠫᠤᠷ464.00 ᠮᠢᠯᠢᠭᠷᠡᠮ᠂ ᠲᠡᠮᠦᠷ 15.60 ᠮᠢᠯᠢᠭᠷᠡᠮ᠂ ᠺᠠᠯᠴ 43.00 ᠮᠢᠯᠢᠭᠷᠡᠮ᠂ ᠮᠠᠭᠨᠢ 107.00 ᠮᠢᠯᠢᠭᠷᠡᠮ᠂ ᠨᠠᠲᠷᠢ 412.40 ᠮᠢᠯᠢᠭᠷᠡᠮ᠂ ᠰᠧᠯᠧᠨ   9.80 ᠪᠢᠴᠢᠯ ᠭᠷᠠᠮ᠂ ᠴᠠᠶᠢᠷ 7.26 ᠮᠢᠯᠢᠭᠷᠡᠮ᠂ ᠵᠠᠰ 0.10 ᠮᠢᠯᠢᠭᠷᠡᠮ᠂ ᠺᠠᠯᠢ  4.00 ᠮᠢᠯᠢᠭᠷᠡᠮ᠂  ᠮᠠᠩᠭᠠᠨ 0.19 ᠮᠢᠯᠢᠭᠷᠡᠮ ᠠᠭᠤᠯᠠᠭᠳᠠᠨ᠎ᠠ᠃    ᠬᠠᠳᠠᠭᠠᠭᠰᠠᠨ ᠦᠬᠡᠷ ᠤᠨ ᠮᠢᠬᠠᠨ ᠳᠤ ᠡᠯᠪᠡᠭ ᠪᠠᠶᠠᠯᠢᠭ ᠰᠡᠷᠭᠦᠰᠢᠨ ︵sarcosine)᠂ ᠸᠢᠲᠮᠢᠨ B6᠂ ᠸᠢᠲᠮᠢᠨ B12᠂ ᠯᠠᠺᠲ᠋ᠠᠮ ︵2-aminopropionic acid︶᠂ ᠮᠢᠬᠠᠨ ᠱᠦᠯᠳᠦ ︵carnitine)᠂ ᠤᠭᠤᠷᠠᠭ᠂ ᠲᠤᠳᠠᠭᠤ ᠲᠤᠰᠤᠨ ᠬᠦᠴᠢᠯ᠂ ᠴᠠᠶᠢᠷ᠂ ᠮᠠᠭᠨᠢ᠂ ᠺᠠᠯᠢ᠂ ᠲᠠᠮᠦᠷ᠂ ᠺᠠᠯᠼ ᠵᠡᠷᠭᠡ ᠰᠢᠮ᠎ᠡ ᠲᠡᠵᠢᠬᠡᠯ ᠤᠨ ᠪᠦᠷᠢᠯᠳᠦᠬᠦᠨ ᠠᠭᠤᠯᠠᠭᠳᠠᠵᠤ᠂ ᠡᠳᠡᠬᠡᠷ ᠨᠢ ᠬᠦᠮᠦᠨ ᠤ ᠪᠡᠶ᠎ᠡ ᠶᠢᠨ ᠦᠯᠦ ᠬᠠᠯᠳᠠᠭᠠᠬᠤ ᠴᠢᠳᠠᠪᠤᠷᠢ ᠶᠢ ᠨᠡᠮᠡᠭᠳᠡᠭᠦᠯᠵᠦ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠬᠢᠭᠤᠯᠤᠨ᠎ᠠ᠃    ᠡᠯᠢᠬᠡᠨ ᠡᠪᠡᠳᠴᠢᠨ᠂ ᠪᠦᠬᠡᠷᠡᠨ ᠡᠪᠡᠳᠴᠢᠨ ᠲᠠᠢ ᠬᠦᠮᠦᠨ ᠬᠠᠳᠠᠭᠠᠭᠰᠠᠨ ᠮᠢᠬ᠎ᠠ ᠢᠳᠡᠬᠦ ᠶᠢ ᠳᠤ ᠬᠢᠴᠢᠶᠡᠬᠦ ᠬᠡᠷᠡᠭᠳᠡᠢ᠃
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号