ᠸᠠᠩ ᠴᠢᠩ ᠦᠨᠡᠨᠴᠢ ᠰᠡᠳᠬᠢᠯᠬᠡ ᠪᠠᠷ ᠠᠷᠠᠳ ᠤᠨ ᠲᠦᠯᠦᠬᠡ ᠵᠢᠳᠬᠦᠵᠦ ᠠᠷᠠᠳ ᠤᠨ ᠰᠡᠳᠬᠢᠯ ᠢ ᠤᠯᠪᠠ
ᠨᠡᠶᠢᠲᠡᠯᠡᠭᠰᠡᠨ ᠴᠠᠭ᠄
2021/7/22
   ᠸᠠᠩ ᠴᠢᠩ ᠪᠤᠯ ᠣᠷᠠᠳ ᠤᠨ ᠡᠮᠦᠨᠡᠳᠦ ᠬᠤᠰᠢᠭᠤᠨ ᠤ ᠶᠡᠭᠡ ᠰᠢᠬᠡᠳᠡᠢ ᠪᠠᠯᠭᠠᠰᠤᠨ ᠤ ᠡᠮᠡᠭᠳᠡᠶᠢᠴᠤᠳ ᠤᠨ ᠬᠤᠯᠪᠤᠭᠠᠳᠤ ᠬᠤᠷᠠᠯ ᠤᠨ ᠡᠷᠬᠢᠯᠡᠭᠴᠢ ᠶᠤᠮ᠃ ᠲᠡᠭᠦᠨ ᠲᠠᠢ ᠠᠭᠤᠯᠵᠠᠬᠤ ᠳᠤ ᠶᠠᠭ ᠰᠠᠶᠢᠬᠠᠨ ᠵᠦᠩ ᠾᠸᠦ ᠲᠠᠩ ᠲᠤᠰᠬᠤᠨ ᠤ ᠶᠠᠩ ᠲᠤᠤ ᠢᠦᠢ ᠶᠢᠨ ᠬᠡᠷ ᠲᠤ ᠪᠠᠶᠢᠪᠠ᠂ ᠶᠠᠩ ᠲᠤᠤ ᠢᠦᠢ ᠶᠢᠨ ᠠᠪᠤ ᠡᠵᠢ ᠨᠢ ᠪᠦᠷ ᠵᠡᠮᠳᠡᠭ ᠬᠦᠮᠦᠨ ᠪᠠᠶᠢᠵᠤ᠂ ᠠᠰᠠᠷᠠᠵᠤ ᠬᠠᠷᠠᠭᠠᠯᠵᠠᠬᠤ ᠡᠭᠦᠷᠭᠡ ᠪᠦᠷ ᠲᠡᠬᠦᠨ ᠤ ᠪᠡᠶ᠎ᠡ ᠲᠡᠭᠡᠷ᠎ᠡ ᠲᠤᠯᠭᠠᠷᠠᠵᠤ᠂ ᠶᠠᠭᠤ ᠶᠠᠭᠤᠨ ᠳᠠᠭᠠᠨ ᠠᠮᠵᠢᠬᠤ ᠦᠬᠡᠢ ᠭᠠᠴᠢᠭᠳᠠᠵᠤ ᠪᠠᠶᠢᠭᠰᠠᠨ ᠶᠤᠮ᠃ ᠸᠠᠩ ᠴᠢᠩ ᠮᠡᠳᠡᠭᠰᠡᠨ ᠤ ᠲᠠᠷᠠᠭ᠎ᠠ ᠵᠠᠪ ᠯᠠ ᠤᠯᠳᠠᠪᠠᠯ ᠬᠠᠪᠰᠤᠷᠴᠦ ᠲᠤᠳᠤᠮᠳᠠᠨ ᠦᠬᠡᠳᠡ ᠲᠠᠳᠠᠵᠤ᠂ ᠤᠳᠤ ᠪᠤᠯᠬᠤ ᠳᠤ ᠶᠠᠩ ᠲᠤᠤ ᠢᠦᠢ ᠦᠪᠡᠷᠳᠡᠭᠡᠨ ᠵᠠᠰᠠᠬᠤ ᠤᠷᠤᠨ ᠤ ᠲᠡᠰ ᠤᠨ ᠨᠠᠰᠣᠳᠠᠨ ᠢᠶᠠᠨ ᠠᠴᠢᠯᠠᠵᠤ ᠲᠦᠷᠦᠯ ᠰᠠᠳᠤᠨ ᠢᠶᠠᠨ ᠬᠠᠶᠢᠷᠠᠯᠠᠭᠰᠠᠨ ᠨᠡᠶᠢᠳᠡᠯᠢᠭ ᠵᠢᠱᠢᠶᠡᠴᠢ ᠪᠤᠯᠤᠭᠠᠳ ᠪᠠᠶᠢᠨ᠎ᠠ᠃ ᠬᠢᠵᠢᠭ ᠤᠨ ᠬᠤᠭᠤᠴᠠᠭᠠᠨ ᠳᠤ ᠨᠢᠬᠡ ᠨᠠᠰᠤᠳᠠᠨ ᠤ ᠦᠷ᠎ᠡ ᠬᠡᠦᠬᠡᠳ ᠨᠢ ᠬᠠᠵᠠᠭᠤ ᠳᠤ ᠨᠢ ᠪᠠᠶᠢᠬᠤ ᠦᠬᠡᠢ ᠲᠤᠯᠠ ᠸᠠᠩ ᠴᠢᠩ ᠦᠪᠡᠷ ᠤᠨ ᠠᠵᠢᠯ  ᠳᠠᠭᠠᠨ ᠶᠠᠭᠠᠷᠠᠬᠤ ᠪᠠᠷ ᠪᠠᠷᠠᠬᠤ ᠦᠬᠡᠢ ᠴᠢᠯᠦᠬᠡ ᠵᠠᠪ ᠤᠯᠳᠠᠪᠠᠯ ᠨᠠᠰᠤᠳᠠᠨ ᠤ ᠬᠡᠷ ᠲᠤ ᠢᠷᠡᠵᠦ ᠬᠤᠭᠤᠯᠠ ᠪᠤᠳᠠᠭ᠎ᠠ ᠶᠢ ᠨᠢ ᠬᠢᠵᠦ ᠬᠡᠷ ᠲᠡᠷᠭᠡ ᠶᠢ ᠨᠢ ᠴᠡᠪᠡᠷᠯᠡᠨ ᠰᠠᠷ᠎ᠠ ᠭᠠᠷᠤᠢ ᠪᠤᠯᠵᠠᠢ᠃ ᠤᠳᠤ ᠨᠠᠰᠣᠳᠠᠨ ᠭᠤᠸᠠᠢ ᠬᠦᠮᠦᠨ ᠦᠵᠡᠪᠡᠯ ︿︿ᠮᠠᠨ ᠤ ᠡᠮᠡᠭᠳᠡᠶᠢᠴᠤᠳ ᠤᠨ ᠬᠤᠯᠪᠤᠭᠠᠨ ᠤ ᠡᠷᠬᠢᠯᠡᠭᠴᠢ ᠪᠤᠯ ᠮᠢᠨᠤ ᠦᠬᠢᠨ ᠰᠢᠦ﹀﹀  ᠬᠡᠵᠦ ᠶᠠᠷᠢᠳᠠᠭ ᠪᠤᠯᠤᠭᠰᠠᠨ᠃ ᠵᠦᠩ ᠾᠸᠦ ᠲᠠᠩ ᠳᠤ ᠰᠠᠭᠤᠭ᠎ᠠ ᠹᠧᠩ ᠹᠠᠩ ᠶᠠᠨ ᠶᠡᠭᠡ ᠰᠢᠬᠡᠳᠡᠢ ᠳᠤ ᠠᠶᠢᠯ ᠪᠤᠯᠤᠭᠠᠳ ᠭᠤᠷᠢ ᠭᠠᠷᠤᠢ ᠵᠢᠯ ᠪᠤᠯᠤᠭᠰᠠᠨ ᠪᠤᠯᠪᠠᠴᠤ ᠡᠷᠦᠬᠡ ᠠᠮᠠ ᠦᠬᠡᠢ ᠠᠴᠠ ᠬᠡᠦᠬᠡᠳ ᠨᠢ ᠡᠷᠦᠬᠡ ᠠᠮᠠ ᠤᠷᠤᠭᠤᠯᠵᠤ ᠲᠡᠶᠢᠯᠬᠦ ᠦᠬᠡᠢ ᠪᠠᠶᠢᠵᠠᠢ᠃ ᠸᠠᠩ ᠴᠢᠩ ᠡᠬᠦᠨ ᠢ ᠮᠡᠳᠡᠭᠡᠳ ᠠᠷᠭ᠎ᠠ ᠪᠦᠬᠦᠨ ᠢ ᠰᠦᠪᠡᠭᠴᠢᠯᠡᠵᠦ ᠪᠠᠶᠢᠭᠠᠳ ᠤᠷᠤᠭᠤᠯᠵᠤ ᠦᠭᠴᠡᠢ᠃ ᠡᠶᠢᠮᠦᠷᠬᠦ ᠶᠠᠪᠤᠳᠠᠯ ᠲᠤᠭᠠᠯᠠᠭᠠᠳ ᠪᠠᠷᠠᠰᠢ ᠦᠬᠡᠢ᠃ ᠲᠡᠷᠡ ᠶᠡᠭᠡ ᠰᠢᠬᠡᠳᠡᠢ ᠪᠠᠯᠭᠠᠰᠣᠨ ᠤ ᠡᠮᠡᠭᠳᠡᠶᠢᠴᠤᠳ  ᠤᠨ ᠠᠵᠢᠯ ᠬᠢᠵᠦ ᠦᠨᠡᠨᠴᠢ ᠰᠡᠳᠬᠢᠯ ᠢᠶᠠᠷ ᠢᠶᠠᠨ ᠡᠮᠡᠭᠳᠡᠶᠢᠴᠤᠳ ᠤᠨ ᠲᠦᠷᠬᠦᠮ ᠤᠨ ᠬᠦᠮᠦᠨ ᠪᠤᠯᠪᠠ᠃ ︿︿ᠬᠦᠳᠡᠭᠡ ᠲᠤᠰᠬᠤᠨ ᠢᠶᠠᠨ ᠤᠯᠠᠮ ᠭᠤᠶᠤ ᠪᠤᠯᠭᠠᠵᠤ᠂ ᠠᠷᠠᠳ ᠤᠨ ᠠᠮᠢᠳᠤᠷᠠᠯ ᠢ ᠲᠡᠭᠡᠰᠢᠯᠡᠬᠦᠯᠬᠦ ᠪᠤᠯ ᠮᠢᠨᠤ ᠬᠦᠰᠡᠯ ᠶᠤᠮ᠃ ᠪᠢ ᠬᠤᠶᠢᠰᠢᠳᠠ ᠡᠮᠡᠭᠳᠡᠶᠢᠴᠣᠳ ᠤᠨ ᠠᠵᠢᠯ ᠤᠨ ᠲᠦᠯᠦᠬᠡ ᠤᠯᠠᠮ ᠴᠢᠷᠮᠠᠶᠢᠵᠤ ᠠᠵᠢᠯᠯᠠᠨ᠎ᠠ﹀﹀ ᠬᠡᠵᠦ ᠸᠠᠩ ᠴᠢᠩ ᠶᠠᠷᠢᠵᠤ ᠪᠠᠶᠢᠯ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ