ᠮᠠᠯ ᠤᠨ ᠲᠦᠷᠭᠡᠨ ᠦᠬᠦᠯ
ᠨᠡᠶᠢᠲᠡᠯᠡᠭᠰᠡᠨ ᠴᠠᠭ᠄
2021/12/9
     ᠮᠠᠯ ᠤᠨ ᠲᠦᠷᠭᠡᠨ ᠦᠭᠦᠯ ᠪᠤᠯ ᠢᠯᠵᠠᠷᠠᠭᠤᠯᠤᠭᠴᠢ ᠪᠠᠺᠲ᠋ᠧᠷᠢ ᠠᠴᠠ ᠤᠯᠤᠭᠰᠠᠨ ᠨᠢᠭᠡ ᠵᠦᠢᠯ ᠤᠨ ᠲᠦᠷᠭᠡᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ ᠃ ᠲᠦᠯ ᠳᠤ ᠬᠠᠯᠳᠠᠪᠤᠷᠢᠯᠠᠤ ᠨᠢ ᠢᠯᠡᠭᠦᠤ ᠪᠠᠶᠢᠵᠤ᠂ ᠭᠤᠤᠯᠳᠠᠭᠤ ᠮᠠᠯ ᠤᠨ ᠰᠢᠩᠭᠡᠭᠡᠯᠳᠠ ᠶᠢᠨ ᠰᠢᠰᠲ᠋ᠧᠮ ᠪᠠ ᠰᠢᠷᠬ᠎ᠠ ᠪᠠᠷ ᠲᠠᠮᠵᠢᠨ ᠬᠠᠯᠳᠠᠪᠤᠷᠢᠯᠠᠳᠠᠭ᠃     ᠡᠪᠡᠳᠴᠢᠨ ᠤ ᠢᠯᠡᠷᠡᠯ᠄ ᠲᠤᠰ ᠡᠪᠡᠳᠴᠢᠨ ᠳᠤ ᠨᠡᠷᠪᠡᠭᠳᠡᠭᠰᠡᠨ ᠮᠠᠯ ᠨᠢ ᠡᠪᠡᠳᠴᠢᠨ ᠤ ᠢᠯᠡᠷᠡᠯ ᠭᠠᠷᠴᠤ ᠠᠮᠵᠢᠬᠤ ᠦᠭᠡᠢ ᠪᠠᠷ ᠭᠡᠨᠡᠳᠳᠠ ᠦᠬᠦᠳᠡᠭ᠃ ᠡᠪᠡᠳᠴᠢᠨ ᠤ ᠦᠩᠭᠡᠷᠡᠯᠳᠠ ᠨᠢ ᠪᠠᠭ᠋ᠠᠨ ᠤᠳᠠᠭᠠᠨ ᠰᠢᠭ᠋ ᠨᠢ ᠰᠦᠷᠦᠭ ᠠᠴᠠ ᠪᠠᠨ ᠰᠠᠯᠵᠤ᠂ ᠡᠰᠡᠭᠦᠯ᠎ᠡ ᠬᠡᠪᠳᠡᠬᠦ ᠪᠤᠶᠤ ᠶᠠᠪᠤᠬᠤ ᠲᠤᠷ᠎ᠠ ᠦᠭᠡᠢ᠂ ᠢᠳᠡᠬᠦ ᠨᠢ ᠮᠠᠭᠤᠳᠠᠬᠤ᠂ ᠰᠢᠳᠤ ᠪᠠᠨ ᠬᠠᠪᠢᠷᠠᠵᠤ ᠠᠮᠢᠰᠬᠤᠯ ᠨᠢ ᠬᠦᠴᠢᠷᠳᠡᠵᠤ ᠬᠠᠮᠠᠷ ᠠᠴᠠ ᠨᠢ ᠦᠳᠬᠡᠨ ᠨᠢᠰᠤ ᠭᠤᠭᠤᠵᠢᠨ᠂ ᠴᠡᠭᠡᠵᠢ ᠨᠢ ᠲᠦᠬᠦᠷᠴᠤ ᠡᠪᠡᠳᠬᠦ ᠮᠠᠶ᠋ᠢᠭ ᠭᠠᠷᠴᠤ᠂ ᠬᠠᠷ᠎ᠠ ᠦᠩᠭᠡ ᠶᠢᠨ ᠦᠮᠡᠭᠡᠢ ᠰᠢᠩᠭᠡᠨ ᠪᠠᠭᠠᠰᠤ ᠠᠯᠳᠠᠨ᠂ ᠶᠡᠷᠤ ᠨᠢ ᠭᠡᠳᠦᠨ ᠮᠢᠨᠦᠲ ᠪᠤᠶᠤ ᠬᠡᠳᠦᠨ ᠴᠠᠭ ᠤᠨ ᠲᠤᠳᠤᠷ᠎ᠠ ᠲᠠᠳᠠᠯᠳᠤᠨ ᠦᠬᠦᠳᠡᠭ᠂ ᠨᠢᠭᠡ ᠡᠳᠦᠷ ᠪᠤᠯᠬᠤ ᠨᠢ ᠲᠤᠩ ᠬᠤᠪᠤᠷᠬᠠᠨ ᠪᠠᠶᠢᠳᠠᠭ᠃     ᠰᠡᠷᠭᠡᠶᠢᠯᠡᠬᠦ ᠠᠷᠭ᠎ᠠ᠄ ᠬᠢᠵᠢᠭ ᠤᠨ ᠤᠷᠤᠨ ᠳᠤ ᠵᠢᠯ ᠪᠦᠷᠢ ᠡᠪᠡᠳᠴᠢᠨ ᠡᠭᠦᠰᠬᠦ ᠤᠯᠠᠷᠢᠯ ᠠᠴᠠ ᠡᠮᠤᠨ᠎ᠠ ᠬᠤᠨᠢᠨ ᠤ ᠲᠦᠷᠭᠡᠨ ᠦᠬᠦᠯ ᠪᠠ ᠭᠡᠳᠡᠰᠦᠨ ᠤ ᠴᠢᠰᠤᠨ ᠤ ᠬᠤᠤᠷᠳᠠᠯᠭ᠎ᠠ ᠶᠢᠨ ᠪᠠᠺᠲ᠋ᠧᠷᠢ ᠶᠢ ᠠᠯᠠᠬᠤ ᠭᠤᠷᠪᠠᠴᠢᠯᠠᠭᠰᠠᠨ ‍ᠠ᠊ ᠸᠠᠺᠼᠢᠨ ᠲᠠᠯᠬ᠎ᠠ ᠶᠢᠨ ᠲᠠᠷᠢᠯᠭ᠎ᠠ ᠶᠢ ᠴᠤᠬᠢᠵᠤ᠂ ᠬᠤᠨᠢᠨ ᠰᠦᠷᠦᠭ ᠢᠶᠠᠨ ᠴᠢᠭᠢᠭᠯᠢᠭ ᠪᠤᠰᠤ ᠪᠡᠯᠴᠢᠭᠡᠷ ᠲᠤ ᠬᠠᠷᠢᠭᠤᠯᠵᠤ᠂ ᠬᠦᠯᠳᠡᠭᠦᠤ ᠡᠪᠡᠰᠦ ᠢᠳᠡᠬᠦ ᠠᠴᠠ ᠪᠤᠯᠭᠤᠮᠵᠢᠯᠠᠬᠤ ᠬᠡᠷᠡᠭᠳᠡᠢ᠃     ᠵᠠᠰᠠᠬᠤ ᠠᠷᠭ᠎ᠠ᠄ ᠬᠢᠵᠢᠭ ᠤᠨ ᠪᠠᠶᠢᠳᠠᠯ ᠪᠠᠴᠢᠮ ᠪᠠᠶᠢᠳᠠᠯ ᠲᠤᠤᠷ᠎ᠠ᠂ ᠪᠦᠬᠦ ᠮᠠᠯ ᠢᠶᠠᠨ 2% ᠤᠨ ᠯᠢᠤ ᠰᠤᠸᠠᠨ ᠲᠤᠩ ᠢ ᠮᠠᠯ ᠪᠦᠷᠢ ᠳᠤ 100 ᠮᠢᠯᠢᠯᠢᠳ᠋ᠷ ᠴᠢᠳᠬᠤᠬᠤ ᠪᠤᠶᠤ 10% ᠶᠢᠨ ᠴᠤᠬᠤᠢ ᠶᠢᠨ ᠤᠰᠤ ᠶᠢ ᠮᠠᠯ ᠪᠦᠷᠢ ᠳᠤ 100-150 ᠮᠢᠯᠢᠯᠢᠳ᠋ᠷ ᠦᠭᠪᠡᠯ ᠲᠦᠷ ᠵᠠᠭᠤᠷ᠎ᠠ ᠡᠪᠡᠳᠴᠢᠯᠡᠬᠦ ᠨᠤᠷᠮ᠎ᠠ ᠶᠢ ᠲᠤᠷᠤᠭᠰᠢᠯᠠᠭᠤᠯᠵᠤ ᠴᠢᠳᠠᠨ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ