ᠡᠯᠧᠺᠲᠷᠣᠨ ᠵᠢᠯᠣᠭᠤᠴᠢ ᠶᠢᠨ ᠦᠨᠡᠮᠯᠡᠯ ᠢ ᠡᠬᠢᠯᠡᠨ ᠬᠡᠷᠡᠭᠯᠡᠬᠦ ᠮᠡᠳᠡᠭᠳᠡᠯ
ᠨᠡᠶᠢᠲᠡᠯᠡᠭᠰᠡᠨ ᠴᠠᠭ᠄
2021/12/9
     ᠨᠢᠭᠡ᠂ ᠡᠬᠢᠯᠡᠭᠦᠯᠬᠦ ᠠᠴᠠ ᠡᠮᠦᠨᠡᠬᠢ ᠬᠡᠳᠦᠨ ᠡᠳᠦᠷ ᠤᠨ ᠬᠢᠨᠠᠨ ᠰᠢᠯᠭᠠᠬᠤ ᠶᠢᠨ ᠬᠡᠮᠵᠢᠶ᠎ᠡ ᠨᠡᠯᠢᠶᠡᠳ ᠠᠷᠪᠢᠨ ᠤᠴᠢᠷ ᠠᠴᠠ ᠵᠢᠯᠣᠭᠤᠴᠢ ᠨᠠᠷ ᠬᠦᠯᠢᠴᠡᠩᠭᠦᠶ ᠪᠠᠷ ᠬᠦᠯᠢᠶᠡᠵᠦ ᠪᠠᠶᠢᠭᠠᠷᠠᠶ᠃     ᠬᠤᠶᠠᠷ᠂ ᠲᠤᠰᠢᠶᠠᠭᠰᠠᠨ ᠡᠯᠧᠺᠲᠷᠣᠨ ᠵᠢᠯᠣᠭᠤᠴᠢ ᠶᠢᠨ ᠦᠨᠡᠮᠯᠡᠯ ᠤᠨ ᠭᠡᠷᠡᠯ ᠵᠢᠷᠤᠭ ᠨᠢ ᠡᠷᠬᠡᠪᠰᠢ ᠳᠦᠷᠢᠮᠵᠢᠭᠦᠨ ᠬᠢᠷᠢ ᠲᠡᠩᠴᠡᠭᠰᠡᠨ ᠪᠠᠶᠢᠬᠤ ᠬᠡᠷᠡᠭᠲᠡᠶ ᠃ ᠬᠢᠷᠢ ᠲᠡᠩᠴᠡᠭᠰᠡᠨ ᠦᠭᠡᠢ ᠶᠢ ᠨᠢ ᠳᠠᠬᠢᠵᠤ ᠲᠤᠰᠢᠶᠠᠬᠤ ᠶᠢ ᠮᠡᠳᠡᠭᠳᠡᠨ᠎ᠡ᠂ ᠵᠢᠱᠢᠶᠡᠯᠡᠪᠡᠯ ᠴᠢᠬᠢ ᠪᠠᠨ ᠬᠠᠯᠬᠠᠯᠠᠭᠰᠠᠨ᠂ ᠮᠠᠯᠠᠭᠠᠶ ᠵᠡᠭᠦᠭᠰᠡᠨ᠂ ᠠᠮᠠᠪᠴᠢ ᠵᠡᠭᠦᠭᠰᠡᠨ᠂ ᠬᠠᠷ᠎ᠠ ᠰᠢᠯ ᠵᠡᠭᠦᠭᠰᠡᠨ᠂ ᠬᠦᠵᠦᠭᠦᠨ ᠤ ᠣᠷᠢᠶᠠᠯᠲᠠ ᠵᠡᠭᠦᠭᠰᠡᠨ᠂ ᠬᠠᠵᠠᠭᠤ ᠲᠠᠯ᠎ᠠ ᠶᠢᠨ ᠭᠡᠷᠡᠯ ᠵᠢᠷᠤᠭ᠂ ᠭᠤᠸ᠎ᠠ ᠴᠢᠷᠠᠶ ᠶᠢᠨ ᠵᠢᠷᠤᠭ᠂ ᠳᠦᠷᠢᠮᠲᠦ ᠬᠤᠪᠴᠠᠰᠤᠨ ᠤ ᠭᠡᠷᠡᠯ ᠵᠢᠷᠤᠭ᠂ ᠪᠠᠯᠠᠷᠬᠠᠢ ᠭᠡᠷᠡᠯ ᠵᠢᠷᠤᠭ ᠲᠣᠰᠢᠶᠠᠭᠰᠠᠨ ᠵᠡᠷᠭᠡ ᠪᠠᠶᠢᠳᠠᠯ ᠃     ᠭᠤᠷᠪᠠ᠂ ᠵᠢᠰᠦ ᠭᠤᠶᠣᠯᠠᠬᠤ ᠠᠴᠠ ᠪᠣᠯᠵᠣ ᠵᠢᠰᠦ ᠴᠢᠷᠠᠶ ᠶᠢᠨ ᠬᠤᠪᠢᠷᠠᠯᠲᠠ ᠶᠢ ᠨᠤᠲᠠᠯᠠᠬᠤ ᠶᠢᠨ ᠠᠷᠭ᠎ᠠ ᠥᠬᠡᠶ ᠪᠣᠯᠪᠠᠯ᠂ ᠵᠢᠯᠣᠭᠤᠴᠢ ᠳᠤ ᠮᠡᠳᠡᠭᠳᠡᠵᠦ ᠡᠯ᠎ᠡ ᠬᠤᠲᠠ ᠰᠢᠶᠠᠨ ᠤ ᠮᠠᠰᠢᠨ ᠲᠡᠷᠭᠡᠨ ᠤ ᠬᠠᠮᠢᠶᠠᠷᠤᠯᠲᠠ ᠶᠢᠨ ᠭᠠᠵᠠᠷ ᠤᠨ ᠴᠣᠩᠬᠤᠨ ᠳᠤ ᠣᠴᠢᠭᠤᠯᠤᠨ ᠬᠢᠨᠠᠨ ᠬᠠᠷᠭᠤᠭᠤᠯᠵᠤ  ᠭᠦᠢᠴᠡᠳᠭᠡᠨ᠎ᠡ᠃     ᠳᠥᠷᠪᠡ᠂ ᠤᠷᠠᠳ ᠤᠨ ᠡᠮᠦᠨᠡᠲᠦ ᠬᠤᠰᠢᠭᠤᠨ ᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ ᠶᠢᠨ ᠮᠠᠰᠢᠨ ᠲᠡᠷᠭᠡᠨ ᠤ ᠬᠠᠮᠢᠶᠠᠷᠤᠯᠲᠠ ᠶᠢᠨ ᠭᠠᠵᠠᠷ ᠤᠨ ᠲᠤᠬᠠᠶᠢᠯᠠᠭᠰᠠᠨ ᠠᠵᠢᠯ ᠤᠨ ᠠᠰᠠᠭᠤᠨ ᠯᠠᠪᠯᠠᠬᠤ ᠤᠲᠠᠰᠤ 0478 — 3267676 ︵  ᠳᠣᠲᠤᠨᠤᠰᠤᠭ ᠰᠠᠨᠠᠭᠤᠯᠤᠮᠵᠢ᠄ ᠦᠳᠡ ᠶᠢᠨ ᠡᠮᠦᠨᠡᠬᠢ 9᠄ 00 — 12᠄ 00᠂ ᠦᠳᠡ ᠶᠢᠨ ᠬᠤᠶᠢᠨᠠᠬᠢ 3᠄ 00 — 6᠄ 00 ᠴᠠᠭ ᠲᠤ ᠤᠲᠠᠰᠤ ᠪᠠᠷ ᠠᠰᠠᠭᠤᠨ ᠯᠠᠪᠯᠠᠭᠠᠷᠠᠶ︶                                              ᠤᠷᠠᠳ ᠤᠨ ᠡᠮᠦᠨᠡᠲᠦ ᠬᠤᠰᠢᠭᠤᠨ ᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ                                                      2021 ᠣᠨ ᠤ 12 ᠰᠠᠷ᠎ᠠ ᠶᠢᠨ 8 ᠡᠳᠦᠷ
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ