ᠤᠷᠠᠳ ᠤᠨ ᠡᠮᠦᠨᠡᠲᠦ ᠬᠤᠰᠢᠭᠤᠨ ᠤ ᠣᠷᠴᠢᠨ ᠲᠤᠭᠤᠷᠢᠨ ᠤ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠦᠪ ᠠᠴᠠ ᠵᠠᠮ ᠤᠨ ᠬᠤᠷᠠᠭᠰᠠᠨ ᠴᠠᠰᠤ  ᠶᠢ  ᠠᠷᠢᠯᠭᠠᠵᠤ  ᠠᠷᠠᠳ ᠲᠤ  ᠳᠦᠭᠦᠮ ᠦᠵᠡᠭᠦᠯᠪᠡ
ᠨᠡᠶᠢᠲᠡᠯᠡᠭᠰᠡᠨ ᠴᠠᠭ᠄
2021/12/9
     12 ᠰᠠᠷ᠎ᠠ ᠶᠢᠨ 7 ᠤ ᠡᠳᠦᠷ ᠤᠨ ᠰᠥᠨᠢ ᠠᠴᠠ 8 ᠤ ᠡᠳᠦᠷ ᠪᠣᠯᠲᠠᠯ᠎ᠠ ᠤᠷᠠᠳ ᠤᠨ ᠡᠮᠦᠨᠡᠲᠦ ᠬᠤᠰᠢᠭᠤᠨ ᠳᠤ ᠳᠤᠮᠳᠠ ᠠᠴᠠ ᠶᠡᠭᠡ ᠵᠡᠷᠭᠡ ᠶᠢᠨ ᠴᠠᠰᠤ ᠣᠷᠤᠪᠠ᠃      ᠬᠤᠰᠢᠭᠤᠨ ᠤ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ ᠤᠨ ᠤᠳᠤᠷᠢᠳᠤᠯᠭ᠎ᠠ ᠠᠵᠢᠯᠲᠠᠨ ᠨᠠᠷ 7 ᠤ ᠣᠷᠣᠢ ᠶᠢᠨ 8 ᠴᠠᠭ ᠲᠤ ᠪᠠᠶᠢᠭᠤᠯᠭ᠎ᠠ ᠳᠤ ᠪᠠᠨ ᠬᠦᠷᠴᠦ ᠵᠠᠷᠯᠢᠭ ᠬᠦᠯᠢᠶᠡᠬᠦ ᠶᠢᠨ ᠬᠠᠮᠲᠤ ᠤᠷᠢᠳᠴᠢᠯᠠᠨ ᠮᠠᠰᠢᠨ ᠲᠣᠨᠤᠭ ᠢᠶᠠᠨ ᠪᠦᠬᠦᠨ ᠢ ᠪᠠᠶᠢᠴᠠᠭᠠᠨ ᠵᠠᠰᠠᠪᠠ᠃ ᠤᠷᠤᠢ ᠶᠢᠨ 11 ᠴᠠᠭ ᠲᠤ ᠵᠠᠮ ᠳᠡᠭᠡᠷᠡᠬᠢ ᠴᠠᠰᠤ ᠨᠡᠯᠢᠶᠡᠳ ᠵᠤᠵᠠᠭᠠᠨ ᠪᠣᠯᠤᠭᠰᠠᠨ ᠤ ᠳᠠᠷᠠᠭ᠎ᠠ ᠲᠦᠷᠪᠡᠨ  ᠲᠣᠮᠤ ᠬᠡᠯᠪᠡᠷᠢ ᠶᠢᠨ ᠶᠡᠭᠡ ᠴᠠᠰᠤ ᠠᠷᠢᠯᠭᠠᠬᠤ ᠲᠡᠷᠭᠡ᠂ ᠨᠢᠭᠡ ᠴᠠᠰᠤ ᠬᠤᠰᠤᠬᠤ ᠲᠡᠷᠭᠡ  ᠵᠡᠷᠭᠡᠪᠡᠷ ᠬᠥᠳᠡᠯᠦᠨ ᠬᠤᠲᠠ ᠶᠢᠨ ᠲᠣᠭᠤᠷᠢᠭ ᠤᠨ ᠡᠯ᠎ᠡ ᠭᠤᠣᠯ ᠵᠠᠮ ᠳᠡᠭᠡᠷ᠎ᠡ ᠬᠦᠷᠴᠦ ᠴᠠᠰᠤ ᠠᠷᠢᠯᠭᠠᠬᠤ ᠠᠵᠢᠯ ᠢ ᠪᠦᠬᠦ ᠲᠠᠯ᠎ᠠ ᠢᠶᠠᠷ ᠦᠷᠨᠢᠭᠦᠯᠪᠡ᠃
清雪2.jpg
     ᠴᠠᠰᠤ ᠨᠢᠭᠡ ᠰᠥᠨᠢ ᠦᠷᠭᠦᠯᠵᠢᠯᠡᠨ ᠣᠷᠤᠭᠰᠠᠨ ᠠᠴᠠ ᠬᠤᠷᠠᠭᠰᠠᠨ ᠴᠠᠰᠤ ᠨᠢ ᠰᠠᠭᠤᠭᠠᠯᠢ ᠠᠷᠠᠳ ᠤᠨ ᠭᠠᠳᠠᠭᠰᠢ ᠭᠠᠷᠬᠤ ᠳᠤ ᠰᠠᠭᠠᠳ ᠪᠣᠯᠬᠤ ᠨᠥᠯᠥᠭᠡ ᠶᠢ ᠬᠠᠮᠤᠭ ᠤᠨ ᠳᠣᠣᠷ᠎ᠠ ᠲᠦᠪᠰᠢᠨ ᠳᠤ ᠬᠦᠷᠲᠡᠯ᠎ᠡ ᠪᠠᠭᠤᠷᠠᠭᠤᠯᠬᠤ ᠶᠢᠨ ᠲᠥᠯᠥᠭᠡ᠂ ᠴᠠᠰᠤ ᠠᠷᠢᠯᠭᠠᠬᠤ ᠠᠵᠢᠯ ᠳᠠᠷᠠᠭ᠎ᠠ ᠡᠳᠦᠷ ᠤᠨ ᠥᠷᠯᠥᠭᠡ ᠶᠢᠨ 9 ᠴᠠᠭ ᠪᠣᠯᠲᠠᠯ᠎ᠠ ᠦᠷᠭᠦᠯᠵᠢᠯᠡᠪᠡ᠃ ᠭᠤᠣᠯ ᠵᠠᠮ ᠪᠣᠯᠤᠨ ᠬᠡᠰᠡᠭ ᠰᠠᠯᠪᠤᠷᠢ ᠵᠠᠮ ᠳᠡᠭᠡᠷ᠎ᠡ ᠪᠦᠷ ᠬᠤᠶᠠᠷ ᠤᠳᠠᠭ᠎ᠠ ᠴᠠᠰᠤ ᠠᠷᠢᠯᠭᠠᠬᠤ ᠠᠵᠢᠯᠯᠠᠭ᠎ᠠ ᠶᠠᠪᠤᠭᠳᠠᠭᠤᠯᠵᠠᠢ᠃     ᠥᠨᠳᠥᠷ ᠬᠦᠴᠦᠯᠡᠴᠡ ᠲᠠᠢ ᠠᠵᠢᠯᠯᠠᠭᠰᠠᠨ ᠠᠴᠠ ᠪᠣᠯᠵᠤ ᠵᠠᠷᠢᠮ ᠲᠡᠷᠭᠡ ᠨᠢ ᠭᠡᠮᠲᠦᠯ ᠭᠠᠷᠬᠤ ᠳᠤ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠥᠪ ᠠᠴᠠ ᠳᠠᠷᠦᠢ ᠲᠦᠷᠭᠡᠨ ᠵᠣᠬᠢᠶᠠᠨ ᠪᠠᠶᠢᠭᠤᠯᠵᠤ ᠪᠠᠴᠢᠮ ᠵᠠᠰᠠᠯᠲᠠ ᠬᠢᠵᠤ  ᠴᠠᠰᠤ ᠴᠡᠪᠡᠷᠯᠡᠬᠦ ᠲᠡᠷᠭᠡᠨ ᠤ ᠦᠢᠯᠡᠳᠦᠯ ᠢ ᠬᠠᠮᠤᠭ ᠶᠡᠭᠡ ᠪᠠᠷ ᠪᠠᠳᠠᠷᠠᠭᠤᠯᠬᠤ ᠶᠢ ᠪᠠᠲᠤᠯᠠᠪᠠ᠃ ᠲᠡᠳᠡᠨ ᠤ ᠶᠠᠭᠠᠷᠠᠯ ᠵᠦᠳᠡᠷᠡᠯ ᠲᠠᠢ ᠪᠠᠷ ᠠᠵᠢᠯᠯᠠᠭᠰᠠᠨ ᠨᠢ ᠬᠤᠲᠠ ᠶᠢᠨ ᠠᠷᠠᠳ ᠤᠨ ᠭᠠᠳᠠᠭᠰᠢ ᠭᠠᠷᠬᠤ ᠳᠤ ᠮᠠᠰᠢ ᠶᠡᠭᠡ ᠳᠥᠭᠦᠮ ᠦᠵᠡᠭᠦᠯᠪᠡ᠃ 
清雪3.jpg
     ᠣᠷᠴᠢᠨ ᠲᠣᠭᠤᠷᠢᠨ ᠤ ᠬᠠᠮᠠᠭᠠᠯᠠᠯᠲᠠ ᠶᠢᠨ ᠹᠷᠣᠨᠲ ‍ᠤᠨ‌ᠠᠵᠢᠯᠲᠠᠨ ᠠᠴᠠ ᠭᠠᠳᠠᠨ᠎ᠠ ᠡᠯ᠎ᠡ ᠪᠠᠶᠢᠭᠤᠯᠭ᠎ᠠ ᠶᠢᠨ ᠺᠠᠳ᠋ᠷ ᠠᠵᠢᠯᠲᠠᠳ ᠪᠠᠰᠠ ᠬᠦᠳᠡᠯᠦᠯᠴᠡᠨ  ᠪᠠᠶᠢᠭᠤᠯᠭ᠎ᠠ ᠶᠢᠨ ᠡᠷᠭᠢᠨ ᠲᠣᠭᠤᠷᠢᠨ ᠵᠢᠴᠢ ᠲᠤᠰ ᠲᠤᠰ ᠤᠨ ᠬᠠᠷᠢᠭᠤᠴᠠᠯᠭ᠎ᠠ ᠶᠢᠨ ᠣᠷᠣᠨ ᠤ ᠢᠶᠠᠨ ᠬᠤᠷᠠᠭᠰᠠᠨ ᠴᠠᠰᠤ ᠶᠢ ᠴᠡᠪᠡᠷᠯᠡᠪᠡ᠃ ᠵᠤᠵᠠᠭᠠᠨ ᠴᠠᠰᠤ  ᠶᠢ  ᠨᠢ ᠲᠣᠮᠣ ᠮᠠᠰᠢᠨ ᠢᠶᠠᠷ ᠴᠡᠪᠡᠷᠯᠡᠭᠰᠡᠨ ᠤᠴᠢᠷ ᠠᠴᠠ ᠠᠵᠢᠯᠲᠠᠳ ᠨᠠᠷ ᠤᠨ ᠴᠠᠰᠤ ᠴᠡᠪᠡᠷᠯᠡᠬᠦ ᠳᠤ ᠮᠠᠰᠢ ᠳᠦᠭᠦᠮ ᠪᠣᠯᠤᠭᠰᠠᠨ ᠪᠠᠶᠢᠨ᠎ᠠ ᠃
清雪4.jpg
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ