【ᠲᠡᠦᠬᠡ ᠰᠤᠶᠤᠯ】  ᠴᠢ ᠵᠢᠶᠦ᠋ᠨ ᠹᠧᠩ
ᠨᠡᠶᠢᠲᠡᠯᠡᠭᠰᠡᠨ ᠴᠠᠭ᠄
2021/11/26
      ᠴᠢ ᠵᠢᠶᠦ᠋ᠨ ᠹᠧᠩ ︵1915-1947 ᠣᠨ︶᠂ ᠮᠣᠩᠭᠤᠯ  ᠨᠡᠷ᠎ᠡ ᠨᠢ ᠰᠧᠫᠡᠯᠮ᠎ᠡ ᠭᠡᠳᠡᠭ᠂ ᠡᠮᠡᠭᠲᠡᠢ᠂ ᠮᠣᠩᠭᠤᠯ ᠦᠨᠳᠦᠰᠦᠲᠡᠨ᠂1915 ᠣᠨ ᠤ ᠪᠢᠯᠢᠭ ᠤᠨ ᠤᠯᠠᠷᠢᠯ ᠤᠨ 4 ᠰᠠᠷ᠎ᠠ ᠶᠢᠨ 21 ᠤ ᠡᠳᠦᠷ ᠠᠯᠠᠱᠠ ᠬᠤᠱᠤᠳ ᠬᠤᠰᠢᠭᠤᠨ ᠤ ᠳ᠋ᠢᠩ ᠶᠤᠸᠠᠨ ᠢᠩ ︵ᠣᠳᠤ ᠶᠢᠨ ᠪᠠᠶᠠᠨᠬᠤᠸᠠ︶ ᠶᠢᠨ  ᠨᠢᠭᠡᠨ ᠮᠣᠩᠭᠤᠯ ᠢᠵᠠᠭᠤᠷᠲᠠᠨ ᠤ ᠭᠡᠷ ᠲᠤ ᠲᠦᠷᠦᠵᠡᠢ᠃ 5 ᠨᠠᠰᠤᠲᠠᠢ ᠳᠤ ᠨᠢ ᠦᠶᠡᠯᠢᠳ ᠠᠪᠠᠭ᠎ᠠ ᠡᠵᠢ ᠨᠦᠸᠧ ᠶᠦᠸᠧ ᠫᠢᠩ ᠳᠤ ᠬᠠᠨᠢ ᠪᠣᠯᠭᠠᠨ ᠦᠷᠡᠴᠢᠯᠡᠨ ᠦᠭᠴᠡᠢ᠃

d8edf2a40ba81ac65973482cb254651.png

      ᠴᠢ ᠵᠢᠶᠦ᠋ᠨ ᠹᠧᠩ ᠢ 7 ᠨᠠᠰᠤᠲᠠᠢ ᠪᠠᠶᠢᠬᠤ ᠳᠤ ᠨᠢ ᠦᠶᠡᠯᠢᠳ ᠠᠪᠠᠭ᠎ᠠ ᠡᠵᠢ ᠨᠢ ᠭᠡᠷ ᠲᠤ ᠪᠠᠨ ᠪᠠᠭᠰᠢ ᠵᠠᠯᠠᠵᠤ ᠲᠡᠭᠦᠨ ᠳᠤ ᠮᠣᠩᠭᠤᠯ ᠬᠢᠲᠠᠳ ᠦᠰᠦᠭ

ᠪᠢᠴᠢᠭ ᠵᠢᠭᠠᠯᠭᠠᠭᠠᠳ ᠲᠡᠭᠦᠨ ᠢ ᠰᠤᠶᠤᠯ ᠪᠢᠴᠢᠭ ᠲᠠᠢ ᠬᠦᠮᠦᠨ ᠪᠣᠯᠭᠠᠨ ᠬᠦᠮᠦᠵᠢᠭᠦᠯᠪᠡ᠃

      1934 ᠣᠨ  ᠳᠤ᠂ ᠴᠢ ᠵᠢᠶᠦ᠋ᠨ ᠹᠧᠩ ᠤᠷᠠᠳ ᠤᠨ ᠪᠠᠷᠠᠭᠤᠨ ᠭᠦᠩ ᠤᠨ ᠬᠤᠰᠢᠭᠤᠨ ᠤ ᠵᠠᠰᠠᠭ ᠰᠢᠷᠡᠪᠳᠣᠷᠵᠢ ᠲᠠᠢ ᠬᠤᠷᠢᠮᠯᠠᠵᠤ᠂ ᠹᠦᠵᠢᠨ ᠬᠠᠲᠤᠨ

ᠪᠣᠯᠵᠠᠢ᠃

      1936 ᠣᠨ ᠳᠤ᠂ ᠰᠢᠷᠡᠪᠳᠤᠷᠵᠢ ᠡᠪᠡᠳᠴᠢᠨ ᠢᠶᠠᠷ ᠨᠠᠰᠤ ᠪᠠᠷᠠᠵᠤ᠂ ᠴᠢ ᠵᠢᠶᠦ᠋ᠨ ᠹᠧᠩ ᠤᠯᠤᠰ ᠲᠦᠷᠦ ᠶᠢᠨ ᠲᠡᠪᠴᠡᠩ ᠳᠤ ᠭᠠᠷᠴᠦ ᠤᠷᠠᠳ ᠤᠨ

ᠪᠠᠷᠠᠭᠤᠨ ᠭᠦᠩ ᠤᠨ ᠬᠤᠰᠢᠭᠤᠨ ᠤ ᠵᠠᠰᠠᠭ ᠤᠨ ᠡᠷᠬᠡ ᠶᠢ ᠠᠳᠬᠤᠪᠠ᠃

      1938 ᠣᠨ ᠤ ᠬᠠᠪᠤᠷ᠂ ᠵᠣᠨ ᠤ ᠦᠶᠡᠰ ᠢᠶᠠᠷ᠂ ᠲᠡᠮᠴᠦᠩᠳᠦᠭᠷᠦᠪ ᠤᠨ ᠤᠷᠠᠳ ᠤᠨ ᠪᠠᠷᠠᠭᠤᠨ ᠭᠦᠩ ᠤᠨ ᠬᠤᠰᠢᠭᠤᠨ ᠤ ᠱᠧᠩ ᠭᠧᠩ ᠬᠤᠤ ᠳᠤ

ᠲᠣᠮᠢᠯᠠᠨ ᠰᠠᠭᠤᠯᠭᠠᠭᠰᠠᠨ ᠴᠡᠷᠢᠭ ᠠᠩᠭᠢ ᠶᠢᠨ ᠰᠦᠷᠳᠡᠭᠦᠯᠦᠯ ᠪᠠ ᠳᠠᠷᠤᠯᠲᠠ ᠶᠢ ᠠᠮᠰᠠᠵᠤ᠂ ᠶᠠᠭᠠᠬᠢᠬᠤ ᠶᠠᠭᠠᠬᠢᠬᠤ ᠪᠠᠨ ᠣᠯᠬᠤ ᠦᠭᠡᠢ ᠪᠠᠴᠢᠮᠳᠠᠨ ᠰᠠᠨᠳᠤᠷᠴᠦ

ᠪᠠᠶᠢᠬᠤ ᠦᠶᠡᠰ ᠲᠤ ᠵᠦᠩ ᠲᠠᠨ ᠣᠷᠤᠨ ᠳᠤ ᠶᠠᠫᠦᠨ ᠢ ᠡᠰᠡᠷᠭᠦᠴᠡᠬᠦ ᠵᠡᠪᠰᠡᠭᠲᠦ ᠬᠦᠴᠦᠨ ᠢ ᠵᠣᠬᠢᠶᠠᠨ ᠪᠠᠶᠢᠭᠤᠯᠵᠤ ᠪᠠᠶᠢᠭᠰᠠᠨ ᠳᠤᠮᠳᠠᠳᠤ ᠤᠯᠤᠰ ᠤᠨ ᠡᠪ ᠬᠠᠮᠲᠤ

ᠨᠠᠮ ᠤᠨ ᠰᠦᠢ ᠮᠧᠩ ︵ᠰᠦᠢᠶᠦᠸᠠᠨ︶ ᠠᠵᠢᠯᠯᠠᠬᠤ ᠵᠦᠪᠯᠡᠯ ᠤᠨ ᠴᠡᠷᠢᠭ ᠤᠨ ᠶᠠᠪᠤᠳᠠᠯ ᠤᠨ ᠭᠡᠯᠲᠡᠰ ᠤᠨ ᠳᠠᠷᠤᠭ᠎ᠠ ᠢᠣᠢ ᠵᠠᠨ ᠫᠢᠶᠤᠤ ᠲᠠᠢ ᠠᠭᠤᠯᠵᠠᠵᠤ

ᠶᠠᠷᠢᠯᠴᠠᠭᠠᠳ ᠦᠵᠡᠯ ᠲᠠᠨᠢᠯᠲᠠ ᠨᠢ ᠳᠡᠭᠡᠭᠰᠢᠯᠡᠵᠦ᠂ 1939 ᠣᠨ ᠤ 3 ᠰᠠᠷ᠎ᠠ ᠳᠤ ᠪᠣᠷᠤᠲᠣᠬᠤᠢ ᠳᠤ ᠬᠦᠷᠴᠦ ᠶᠠᠫᠤᠨ ᠢ ᠡᠰᠡᠷᠭᠦᠴᠡᠬᠦ ᠡᠩᠨᠡᠭᠡᠨ ᠳᠤ ᠣᠷᠤᠯᠴᠠᠵᠠᠢ

᠃4 ᠰᠠᠷ᠎ᠠ ᠶᠢᠨ ᠳᠤᠮᠳᠠᠴᠢ ᠪᠠᠷ ᠭᠤᠮᠢᠨᠳᠠᠩ ᠤᠨ  ᠴᠡᠷᠢᠭ ᠵᠠᠰᠠᠭ ᠤᠨ ᠬᠡᠯᠲᠡᠰ ᠠᠴᠠ ᠲᠡᠭᠦᠨ ᠢ ᠤᠷᠢᠳ ᠤᠨ ᠪᠠᠷᠠᠭᠤᠨ ᠭᠦᠩ ᠤᠨ ᠬᠤᠰᠢᠭᠤᠨ ᠤ ᠠᠮᠤᠷ ᠢ

ᠬᠠᠮᠠᠭᠠᠯᠠᠬᠤ ᠰᠧᠯᠢᠩ ᠢᠶᠠᠷ ᠲᠣᠮᠢᠯᠠᠵᠤ᠂5 ᠰᠠᠷ᠎ᠠ ᠶᠢᠨ ᠳᠤᠮᠳᠠᠴᠢ ᠪᠠᠷ ᠭᠤᠮᠢᠨᠳᠠᠩ ᠤᠨ ᠲᠦᠪ ᠬᠤᠷᠢᠶᠠᠨ ᠤ ᠴᠡᠷᠢᠭ ᠤᠨ ᠶᠠᠪᠤᠳᠠᠯ ᠤᠨ ᠬᠤᠷᠢᠶᠠᠨ ᠠᠴᠠ ᠲᠡᠭᠦᠨ ᠢ

ᠪᠠᠰᠠ ᠤᠷᠠᠳ ᠤᠨ ᠪᠠᠷᠠᠭᠤᠨ ᠭᠦᠩ ᠤᠨ ᠬᠤᠰᠢᠭᠤᠨ ᠤ ᠪᠠᠲᠤᠯᠠᠨ ᠬᠠᠮᠠᠭᠠᠯᠠᠬᠤ ᠰᠧᠯᠢᠩᠪᠦ᠋ ᠶᠢᠨ ᠰᠧᠯᠢᠩ ᠢᠶᠠᠷ ᠲᠣᠮᠢᠯᠠᠵᠤ᠂ ᠱᠤᠤᠵᠢᠶᠠᠩ ᠴᠤᠯᠠ ᠣᠯᠭᠤᠪᠠ᠃

ᠢᠩᠬᠢᠭᠡᠳ ᠴᠢ ᠵᠢᠶᠦ᠋ᠨ ᠹᠧᠩ ᠴᠡᠷᠢᠭ ᠮᠣᠷᠢ ᠡᠯᠰᠡᠵᠤ᠂ ᠴᠡᠷᠢᠭ ᠠᠩᠭᠢ ᠪᠠᠨ ᠤᠳᠤᠷᠢᠳᠤᠨ᠂ ᠹᠦ᠋ ᠽᠦᠸᠧ ᠢ ᠶᠢᠨ ᠴᠡᠷᠢᠭ ᠠᠩᠭᠢ ᠲᠠᠢ ᠬᠠᠮᠵᠢᠯᠴᠠᠨ ᠶᠠᠫᠤᠨ ᠢ

ᠡᠰᠡᠷᠭᠦᠴᠡᠬᠦ ᠳᠠᠶᠢᠨ ᠪᠠ ᠠᠵᠢᠯᠯᠠᠭ᠎ᠠ ᠳᠤ ᠢᠳᠡᠪᠬᠢᠯᠡᠨ ᠣᠷᠤᠯᠴᠠᠵᠤ᠂ ᠭᠤᠮᠢᠨᠳᠠᠩ ᠤᠨ ᠲᠦᠪ ᠬᠤᠷᠢᠶᠠᠨ ᠤ ᠬᠦᠬᠢᠭᠦᠯᠦᠯ ᠱᠠᠩᠨᠠᠯ ᠢ ᠬᠦᠷᠲᠡᠪᠡ᠃ ᠡᠭᠦᠨ ᠠᠴᠠ

ᠪᠣᠯᠵᠤ ᠴᠢ ᠵᠢᠶᠦ᠋ᠨ ᠹᠧᠩ1940 ᠣᠨ ᠳᠤ ᠴᠦᠩᠴᠢᠩ ᠳᠤ ᠬᠦᠷᠴᠦ᠂ ᠭᠤᠮᠢᠨᠳᠠᠩ ᠤᠨ ᠬᠠᠮᠤᠭ ᠳᠡᠭᠡᠳᠦ  ᠤᠳᠤᠷᠢᠳᠤᠯᠭ᠎ᠠ ᠨᠠᠷ ᠤᠨ ᠠᠭᠤᠯᠵᠠᠯᠲᠠ ᠶᠢ

ᠬᠦᠯᠢᠶᠡᠪᠡ᠃

       ᠳᠦᠴᠢᠭᠡᠳ ᠣᠨ ᠳᠤ ᠴᠢ ᠵᠢᠶᠦ᠋ᠨ ᠹᠧᠩ ᠡᠪ ᠬᠠᠮᠲᠤ ᠨᠠᠮ ᠤᠨ ᠨᠢᠭᠤᠴᠠ ᠠᠵᠢᠯᠲᠠᠨ ᠢ ᠪᠠᠰᠠ ᠠᠪᠤᠷᠠᠨ ᠭᠠᠷᠭᠠᠵᠠᠢ᠃

      1945ᠣᠨ ᠤ 8 ᠰᠠᠷ᠎ᠠ ᠳᠤ᠂ ᠴᠢ ᠵᠢᠶᠦ᠋ᠨ ᠹᠧᠩ ᠨᠢᠭᠡᠨ ᠢᠯᠠᠭᠴᠢ ᠶᠢᠨ ᠬᠤᠪᠢ ᠪᠠᠷ ᠬᠤᠰᠢᠭᠤᠨ ᠳᠤ ᠪᠠᠨ ᠪᠤᠴᠠᠨ ᠢᠷᠡᠵᠦ ᠵᠠᠰᠠᠭ ᠪᠠᠷᠢᠪᠠ᠃

      ᠭᠡᠪᠡᠴᠦ ᠲᠡᠦᠬᠡ ᠶᠢᠨ ᠬᠢᠵᠠᠭᠠᠷᠯᠠᠯ ᠪᠠ ᠲᠡᠭᠦᠨ ᠤ ᠤᠯᠤᠰ ᠲᠦᠷᠦ ᠶᠢᠨ ᠲᠠᠯ᠎ᠠ ᠶᠢᠨ ᠪᠣᠯᠪᠠᠰᠤᠷᠠᠯ ᠳᠤᠲᠠᠮᠠᠭ ᠠᠴᠠ ᠪᠣᠯᠵᠤ᠂1947 ᠣᠨ ᠤ 7 ᠰᠠᠷ᠎ᠠ ᠳᠤ᠂

ᠮᠣᠵᠢᠭᠤᠳᠠ ᠹᠸᠤᠳᠠᠯ ᠤᠨ  ᠬᠦᠴᠦᠲᠡᠨ ᠬᠤᠤ ᠶᠢᠦ ᠯᠦᠩ ᠳᠤ ᠬᠤᠣᠷᠯᠠᠭᠳᠠᠵᠠᠢ᠃

      ᠴᠢ ᠵᠢᠶᠦ᠋ᠨ ᠹᠧᠩ ᠪᠣᠯ ᠶᠠᠭ ᠤᠯᠤᠰ ᠭᠦᠷᠦᠨ ᠬᠦᠴᠢᠷᠳᠡᠵᠦ᠂ ᠦᠨᠳᠦᠰᠦᠲᠡᠨ ᠮᠦᠬᠦᠬᠦ ᠲᠦᠭᠰᠢᠭᠦᠷᠢᠲᠡᠢ ᠦᠶ᠎ᠡ ᠳᠤ᠂ ᠬᠠᠷᠰᠢ ᠰᠠᠭᠠᠳ ᠢ ᠳᠠᠪᠠᠨ

ᠶᠠᠫᠤᠨ ᠢ ᠡᠰᠡᠷᠭᠦᠴᠡᠬᠦ ᠡᠩᠨᠡᠭᠡᠨ ᠳᠤ ᠣᠷᠤᠯᠴᠠᠭᠰᠠᠨ ᠮᠣᠩᠭᠤᠯ ᠦᠨᠳᠦᠰᠦᠲᠡᠨ ᠤ ᠡᠮᠡᠭᠲᠡᠢ ᠪᠠᠭᠠᠲᠤᠷ ᠪᠣᠯᠤᠨ᠎ᠠ᠃

     

 

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ