ᠣᠷᠠᠳ ᠤᠨ ᠪᠠᠷᠠᠭᠤᠨ ᠬᠦᠩ ᠤᠨ ᠬᠤᠰᠢᠭᠤᠨ ᠤ ᠬᠤᠰᠢᠭᠤ ᠬᠡᠶᠢᠳ ᠮᠡᠷᠭᠡᠨ ᠰᠦᠮ᠎ᠡ ᠶᠢᠨ ᠭᠤᠷᠪᠠᠳᠤᠭᠠᠷ ᠲᠦᠷᠢ ᠶᠢᠨ ᠮᠡᠷᠬᠡᠨ ᠬᠡᠬᠡᠨ | ᠯᠤᠪᠰᠠᠩᠳᠠᠮᠪᠢᠵᠠᠯᠰᠠᠨ ᠪᠤᠯᠪᠠᠰᠤ ᠨᠡᠶᠢᠳᠡ ᠶᠢᠨ ᠤᠨ ᠲᠤᠭᠠᠯᠠᠯ ᠤᠨ1717 ᠤᠨ ᠳᠤ ᠤᠷᠠᠳ ᠤᠨ ᠲᠤᠮᠳᠠᠳᠤ ᠬᠦᠩ ᠤᠨ ᠬᠤᠰᠢᠭᠤᠨ ᠤ ᠯᠤᠪᠵᠢᠩ ᠤᠨ ᠬᠡᠷ ᠲᠤ | ᠲᠦᠷᠦᠵᠠᠢ᠃ ᠤᠷᠠᠳ ᠤᠨ ᠪᠠᠷᠠᠭᠤᠨ ᠬᠦᠩ ᠤᠨ ᠬᠤᠰᠢᠭᠤᠨ ᠤ ᠵᠢᠷᠭᠤᠳᠤᠭᠠᠷ ᠦᠶ᠎ᠡ ᠶᠢᠨ ᠵᠠᠰᠠᠭ ᠨᠤᠶᠠᠨ ᠬᠦᠩ ᠲᠠᠷᠠᠮᠰᠢᠷᠢ᠂ ᠲᠠᠯᠠᠢ ᠪᠯᠠᠮ᠎ᠠ᠂ ᠪᠠᠨᠴᠢᠨ ᠡᠷᠳᠡᠨᠢ | ᠲᠠᠨ᠎ᠠ ᠯᠠᠪᠯᠠᠭᠠᠳ᠂ ᠡᠩᠭᠡ ᠠᠮᠤᠭᠤᠯᠠᠩ ᠤᠨ ᠵᠢᠷᠠᠳᠤᠭᠠᠷ ᠤᠨ᠂ ᠲᠠᠷᠤᠢ ᠨᠡᠶᠢᠳᠡ ᠶᠢᠨ ᠤᠨ ᠲᠤᠭᠠᠯᠠᠯ ᠤᠨ1721 ᠤᠨ ᠳᠤ ᠮᠡᠷᠭᠡᠨ ᠰᠦᠮ᠎ᠡ ᠳᠡᠭᠡᠨ ᠵᠠᠯᠠᠵᠤ | ᠰᠢᠷᠠᠬᠡᠨᠡ ᠰᠠᠭᠤᠯᠭᠠᠵᠠᠢ᠃ ᠰᠠᠬᠢᠯ ᠤᠨ ᠨᠡᠷ᠎ᠡ ᠯᠤᠪᠰᠠᠩᠳᠠᠮᠪᠢᠵᠠᠯᠰᠠᠨ᠂ ᠮᠤᠩᠭᠤᠯ ᠢᠶᠠᠷ ︿︿ᠤᠶᠤᠨ ᠰᠠᠶᠢᠳᠤ﹀﹀ ᠬᠡᠮᠡᠬᠦ ᠤᠳᠬ᠎ᠠ ᠪᠦᠬᠦᠢ ᠦᠬᠡ ᠪᠤᠯᠤᠨ᠎ᠠ᠃ ᠲᠡᠭᠷᠢ | ᠲᠡᠳᠭᠦᠭᠴᠢ ᠶᠢᠨ ᠭᠤᠴᠢᠨ ᠨᠢᠬᠡᠳᠦᠬᠡᠷ ᠤᠨ ︵1766︶ ᠤ ᠨᠤᠬᠠᠢ ᠵᠢᠯ ᠤᠨ ᠵᠤᠨ ᠤ ᠲᠤᠮᠳᠠᠳᠤ ᠰᠠᠷ᠎ᠠ ᠶᠢᠨ ᠰᠢᠨ᠎ᠡ ᠶᠢᠨ ᠨᠢᠬᠡᠨ ᠳᠤ ᠨᠢᠷᠸᠠᠨ ᠲᠦᠷᠢ | ᠦᠵᠡᠬᠦᠯᠪᠠ᠃ | ᠮᠡᠷᠭᠡᠨ ᠬᠡᠬᠡᠨ ᠴᠤᠷᠵᠢ ᠪᠠᠭᠰᠢ ᠶᠢᠨ ᠰᠠᠩ ᠤᠨ ᠴᠠᠭᠠᠳᠤ ᠡᠪᠦᠬᠡᠨ ᠦᠭᠯᠢᠬᠦᠨᠳᠡᠯᠡᠢ ᠶᠢ ᠪᠠᠭᠰᠢ ᠪᠠᠷᠢᠵᠤ᠂ ᠮᠤᠩᠭᠤᠯ ᠲᠦᠪᠡᠳ ᠰᠠᠨᠰᠺᠷᠢᠲ᠂ ᠮᠠᠨᠵᠤ ᠬᠡᠯᠡᠨ | ᠳᠤ ᠴᠭᠠᠷᠠᠵᠤ᠂ ᠮᠤᠩᠭᠤᠯ ᠬᠡᠯᠡᠨ ᠤ ᠤᠩᠰᠢᠯᠭ᠎ᠠ᠂ ᠮᠤᠩᠭᠤᠯ ᠲᠦᠪᠡᠳ ᠤᠷᠴᠢᠭᠤᠯᠭ᠎ᠠ ᠳᠤ ᠨᠡᠪᠳᠡᠷᠡᠨ᠂ ᠮᠦᠷ ᠤᠨ ᠵᠡᠷᠭᠡ ᠳᠤᠷ ᠤᠶᠤᠨ ᠰᠤᠳᠤᠯᠤᠭᠰᠠᠨ ᠬᠦᠮᠦᠨ | ᠪᠤᠯᠤᠭᠰᠠᠨ ᠲᠤᠯᠠ ᠬᠤᠵᠢᠮ ᠨᠢ ᠤᠷᠠᠨ ᠵᠤᠬᠢᠶᠠᠯ᠂ ᠬᠡᠯᠡ ᠪᠢᠴᠢᠭ ᠤᠨ ᠤᠬᠠᠭᠠᠨ᠂ ᠲᠡᠦᠬᠡ ᠶᠢᠨ ᠤᠬᠠᠭᠠᠨ᠂ ᠠᠨᠠᠭᠠᠬᠤ ᠤᠬᠠᠭᠠᠨ᠂ ᠤᠷᠠᠯᠠᠬᠤᠢ ᠶᠢᠨ ᠤᠬᠠᠭᠠᠨ᠂ | ᠵᠢᠷᠤᠬᠠᠢ ᠶᠢᠨ ᠤᠬᠠᠭᠠᠨ᠂ ᠬᠦᠨ ᠤᠬᠠᠭᠠᠨ᠂ ᠤᠷᠴᠢᠭᠤᠯᠭ᠎ᠠ ᠶᠢᠨ ᠤᠬᠠᠭᠠᠨ ᠵᠡᠷᠭᠡ ᠦᠨᠢᠷ ᠶᠡᠭᠡ ᠮᠠᠳᠡᠯᠭᠡ ᠪᠤᠯᠪᠠᠰᠤᠷᠠᠯ ᠲᠠᠢ ᠶᠡᠭᠡ ᠪᠢᠴᠢᠭ ᠤᠨ ᠬᠦᠮᠦᠨ᠂ | ᠪᠤᠷᠬᠠᠨ ᠤ ᠱᠠᠵᠢᠨ ᠤ ᠮᠤᠨᠳᠠᠭ ᠶᠡᠭᠡ ᠰᠤᠷᠭᠠᠯᠳᠠ ᠪᠤᠯᠤᠭᠰᠠᠨ ᠪᠠᠶᠢᠨ᠎ᠠ᠃ | ᠲᠡᠷᠡ ᠬᠦᠮᠪᠤᠮ᠂ ᠯᠠᠪᠷᠤᠩ ᠬᠡᠶᠢᠳ᠂ ᠪᠤᠭᠳᠠ ᠶᠢᠨ ᠬᠦᠷᠢᠶ᠎ᠡ ᠵᠡᠷᠭᠡ ᠪᠠᠷ ᠶᠠᠪᠤᠵᠤ ᠶᠡᠭᠡ ᠶᠠᠭᠤᠮ᠎ᠠ ᠰᠤᠷᠤᠭᠰᠠᠨ ᠬᠦᠮᠦᠨ ᠪᠢᠯᠡ᠃ ᠲᠡᠷᠡ ᠪᠠᠷ ᠪᠤᠷᠬᠠᠨ | ᠱᠠᠵᠢᠨ ᠤ ᠨᠤᠮ ᠢ ᠮᠤᠩᠭᠤᠯ ᠢᠶᠠᠷ ᠱᠠᠳ ᠲᠡᠭᠰᠢᠯᠡᠨ ᠤᠷᠴᠢᠭᠤᠯᠵᠤ᠂ ︿︿ᠪᠠᠭ᠎ᠠ ᠤᠩᠰᠢᠯᠭ᠎ᠠ﹀﹀᠂ ︿︿ᠲᠤᠮᠳᠠ ᠤᠩᠰᠢᠯᠭ᠎ᠠ﹀﹀᠂ ︿︿ᠶᠡᠭᠡ ᠤᠩᠰᠢᠯᠭ᠎ᠠ﹀﹀ ᠶᠢ | ᠠᠶ᠎ᠠ ᠲᠠᠭᠠᠷᠠᠭᠤᠯᠤᠨ ᠵᠤᠬᠢᠶᠠᠵᠤ᠂ ᠦᠩᠭᠡᠷᠡᠭᠰᠡᠨ ᠳᠤ ᠪᠠᠶᠢᠭᠰᠠᠨ ︿︿ᠪᠯᠠᠮᠠᠬᠠᠢ ᠶᠢᠨ ᠰᠠᠩ﹀﹀᠂ ︿︿ᠴᠤᠷᠵᠢ ᠪᠠᠭᠰᠢ ᠶᠢᠨ ᠰᠠᠩ﹀﹀᠂ ︿︿ᠪᠠᠷᠠᠭᠤᠨ ᠳ᠋ᠠ ᠪᠠᠭᠰᠢ | ᠶᠢᠨ ᠰᠠᠩ﹀﹀᠂ ︿︿ᠬᠦᠦᠰᠢ ᠪᠠᠭᠰᠢ ᠶᠢᠨ ᠰᠠᠩ﹀﹀᠂ ︿︿ᠡᠮᠴᠢ ᠪᠯᠠᠮ᠎ᠠ ᠶᠢᠨ ᠰᠠᠩ﹀﹀᠂ ︿︿ᠰᠢᠷᠡᠭᠡ ᠪᠠᠭᠰᠢ ᠶᠢᠨ ᠰᠠᠩ﹀﹀ ᠢ ᠲᠡᠭᠡᠷ᠎ᠡ ᠨᠢ ᠨᠡᠮᠡᠨ᠂ ᠲᠡᠬᠦᠨ ᠢᠶᠠᠨ | ︿︿ ᠬᠡᠬᠡᠨ ᠪᠠᠭᠰᠢ ᠶᠢᠨ ᠰᠠᠩ﹀﹀ ᠬᠡᠮᠡᠨ ᠲᠤᠯᠤᠭᠠᠨ ᠰᠠᠩ ᠪᠤᠯᠭᠠᠨ ᠬᠦᠭᠵᠢᠬᠦᠯᠵᠠᠢ᠃ | ᠮᠡᠷᠭᠡᠨ ᠬᠡᠬᠡᠨ ᠪᠤᠷᠬᠠᠨ ᠱᠠᠵᠢᠨ ᠤ ᠲᠤᠮᠤ ᠰᠤᠷᠭᠠᠯᠳᠠᠨ ᠢᠶᠠᠷ ᠪᠠᠷᠠᠬᠤ ᠦᠬᠡᠢ ᠪᠠᠰᠠ ᠰᠢᠯᠭᠠᠷᠠᠭᠰᠠᠨ ᠣᠯᠣᠰ ᠲᠦᠷᠦᠴᠢᠨ᠂ ᠶᠡᠭᠡ ᠪᠢᠴᠢᠭ ᠤᠨ ᠬᠦᠮᠦᠨ᠂ | ᠠᠯᠳᠠᠷᠳᠤ ᠰᠤᠷᠭᠠᠯᠴᠢ ᠰᠢᠯᠦᠭᠴᠢᠨ ᠪᠤᠯᠬᠤ ᠶᠤᠮ᠃ ᠲᠠᠷᠠ ᠨᠠᠰᠤᠨ ᠲᠤᠷᠰᠢᠳᠠ ᠲᠦᠷᠦ ᠱᠠᠵᠢᠨ ᠬᠤᠶᠠᠷ ᠢ ᠨᠢᠬᠡᠳᠦᠬᠦᠯᠦᠨ ᠲᠦᠷᠦ ᠶᠢᠨ ᠬᠦᠴᠦᠨ ᠢᠶᠠᠷ ᠱᠠᠵᠢᠨ ᠢ | ᠮᠠᠨᠳᠤᠭᠤᠯᠬᠤ᠂ ᠱᠠᠵᠢᠨ ᠤ ᠬᠦᠴᠦ ᠪᠠᠷ ᠲᠦᠷᠦ ᠶᠢ ᠲᠡᠭᠰᠢᠷᠠᠭᠦᠯᠬᠦ ᠠᠵᠢᠯ ᠳᠤ ᠵᠢᠳᠭᠦᠨ᠂ ︿︿ᠴᠤᠭᠴᠠᠯᠠᠭᠰᠠᠨ ᠪᠤᠶᠠᠨ﹀﹀᠂ ︿︿ᠦᠯᠡᠮᠵᠢ ᠶᠢᠨ ᠪᠤᠶᠠᠨ﹀﹀᠂ ︿︿ | ᠡᠷᠳᠡ ᠶᠢᠨ ᠢᠷᠦᠬᠡᠯ ᠪᠤᠶᠠᠨ﹀﹀ ᠬᠡᠬᠦ ᠭᠤᠷᠪᠠᠨ ᠪᠤᠶᠠᠨ ᠢᠶᠠᠷ ᠡᠬᠢᠯᠡᠭᠦᠯᠦᠭᠰᠡᠨ ᠨᠠᠶᠠᠨ ᠨᠢᠬᠡᠨ ᠡᠬᠢᠳᠦ ᠰᠢᠯᠦᠭ ᠲᠠᠭᠤᠤ ᠵᠤᠬᠢᠶᠠᠨ ᠠᠶ᠎ᠠ ᠲᠠᠭᠠᠷᠠᠭᠤᠯᠵᠤ᠂ ︿︿ | ᠨᠠᠭᠠᠳᠤᠮ ᠤᠨ ᠰᠢᠯᠦᠭ﹀﹀᠂ ︿︿ᠲᠤᠮᠤᠭ ᠰᠢᠯᠦᠭ﹀﹀᠂ ︿︿ᠵᠢᠷᠤᠮ ᠶᠤᠰᠤᠨ ᠤ ᠰᠤᠷᠭᠠᠯ﹀﹀ ᠵᠡᠷᠭᠡ ᠠᠯᠳᠠᠨ ᠰᠤᠷᠭᠠᠯ ᠰᠢᠯᠦᠭ ᠪᠠ ᠠᠯᠳᠠᠨ ᠲᠤᠪᠴᠢ﹀﹀ ᠬᠡᠮᠡᠬᠦ | ᠮᠤᠩᠭᠤᠯ ᠤᠨ ᠲᠡᠦᠭᠡᠨ ᠣᠷᠠᠨ ᠵᠤᠬᠢᠶᠠᠯ ᠢ ᠲᠤᠭᠤᠷᠪᠢᠨ ᠪᠢᠴᠢᠵᠤ᠂ ᠲᠠᠶᠠᠩ ᠳᠤ ᠠᠯᠳᠠᠷᠰᠢᠭᠰᠡᠨ ᠪᠦᠬᠡᠳ ᠠ ᠦᠰᠦᠭ᠂ ᠠᠷᠪᠠᠨ ᠬᠤᠶᠠᠷ ᠴᠠᠭᠠᠨ ᠲᠤᠯᠤᠭᠠᠢ ᠶᠢᠨ | ᠬᠤᠪᠢᠯᠭᠠᠯ᠂ ᠬᠡᠬᠦ ᠮᠡᠳᠦ ᠰᠤᠷᠬᠤ ᠪᠢᠴᠢᠭ ᠵᠤᠬᠢᠶᠠᠨ᠂ ︿︿ᠢᠷᠦᠭᠡᠯ ᠮᠠᠭᠳᠠᠭᠠᠯ﹀﹀᠂ ︿︿ᠰᠠᠩ ᠳ᠋ᠦᠷᠮᠠ﹀﹀᠂ ︿︿ᠲᠠᠬᠢᠯᠭ᠎ᠠ ᠲᠡᠭᠵᠢᠬᠡᠯᠬᠡ﹀﹀᠂ ︿︿ᠦᠬᠡᠳᠡᠯ ᠮᠠᠨᠳᠤᠯ | ﹀﹀᠂ ︿︿ᠲᠠᠯᠠᠯᠭ᠎ᠠ ᠬᠠᠷᠢᠭᠤᠯᠭ᠎ᠠ﹀﹀ ᠵᠡᠷᠭᠡ ᠨᠡᠶᠢᠳᠡ 4 ᠪᠤᠳᠢ 129 ᠡᠬᠢ ᠲᠠᠢ ᠲᠡᠯᠡᠬᠡᠢ ᠳᠤ ᠠᠯᠳᠠᠷᠳᠠᠢ ᠵᠤᠬᠢᠶᠠᠯ ᠤᠳ ᠢ ᠪᠢᠴᠢᠭᠰᠡᠨ ᠶᠤᠮ᠃ ᠲᠡᠭᠦᠨ ᠠᠴᠠ | ᠭᠠᠳᠠᠨ᠎ᠠ ᠪᠠᠰᠠ ︿︿ᠮᠠᠶᠢᠳᠠᠷᠢ ᠶᠢᠨ ᠴᠠᠮ﹀﹀᠂ ︿︿ᠯᠢᠩᠺᠡ ᠶᠢᠨ ᠴᠠᠮ﹀﹀ ᠬᠡᠬᠦ ᠬᠤᠶᠠᠷ ᠴᠠᠮ ᠢ ᠵᠤᠬᠢᠶᠠᠵᠤ᠂ ᠪᠤᠷᠬᠠᠨ ᠱᠠᠵᠢᠨ ᠢ ᠮᠤᠩᠭᠤᠯ ᠢᠶᠠᠷ ᠲᠡᠯᠬᠡᠷᠡᠭᠦᠯᠬᠦ | ᠦᠨᠳᠦᠰᠦ ᠰᠠᠭᠤᠷᠢ ᠶᠢ ᠬᠦᠨ ᠲᠠᠯᠪᠢᠵᠤ᠂ ᠮᠤᠩᠭᠤᠯ ᠲᠤᠭᠤᠷᠭᠠᠳᠠᠨ ᠤ ᠪᠤᠷᠬᠠᠨ ᠱᠠᠵᠢᠨ ᠤ ᠮᠤᠩᠭᠤᠯ ᠢᠶᠠᠷ ᠲᠡᠯᠭᠡᠷᠡᠭᠦᠯᠬᠦ ᠠᠯᠢᠪᠠ ᠬᠡᠪ ᠲᠦᠷᠢᠮ ᠢ | ᠪᠦᠷᠢᠳᠦᠬᠦᠯᠦᠭᠰᠡᠨ ᠶᠣᠮ᠃ | | | |