【ᠲᠡᠦᠬᠡ ᠰᠤᠶᠤᠯ】ᠤᠷᠠᠳ ᠬᠠᠳᠬᠤᠮᠠᠯ
ᠨᠡᠶᠢᠲᠡᠯᠡᠭᠰᠡᠨ ᠴᠠᠭ᠄
2021/11/26
      ᠤᠷᠠᠳ ᠬᠠᠳᠬᠤᠮᠠᠯ ᠪᠣᠯ ᠭᠤᠷᠪᠠᠨ ᠵᠠᠭᠤ ᠭᠠᠷᠤᠢ ᠵᠢᠯ ᠤᠨ ᠲᠡᠦᠬᠡᠨ ᠣᠯᠢ ᠮᠦᠷ ᠲᠠᠢ᠂ ᠠᠮᠢᠳᠤᠷᠠᠯ ᠤᠨ ᠳᠤᠮᠳᠠᠬᠢ ᠡᠮᠦᠰᠬᠡᠯ ᠪᠣᠯᠤᠨ ᠰᠠᠭᠤᠳᠠᠯ ᠳᠠᠭᠠᠨ ᠭᠠᠷ ᠤᠷᠠᠯᠠᠯ ᠢᠶᠠᠷ ᠬᠠᠳᠬᠤᠵᠤ ᠤᠶᠤᠭᠰᠠᠨ ᠨᠢᠭᠡᠨ ᠵᠦᠢᠯ ᠤᠨ ᠦᠵᠡᠮᠦᠷᠢ ᠶᠢᠨ ᠣᠶᠤᠳᠠᠯ ᠪᠠᠶᠢᠵᠤ᠂ ᠤᠷᠠᠳ ᠮᠣᠩᠭᠤᠯᠴᠤᠳ ᠤᠨ ᠠᠮᠢᠳᠤᠷᠠᠯ ᠤᠨ ᠳᠤᠮᠳᠠᠬᠢ ᠳᠤᠲᠠᠭᠳᠠᠵᠤ ᠪᠣᠯᠤᠰᠢ ᠦᠭᠡᠢ ᠭᠤᠶᠤᠯᠠᠯ ᠴᠢᠮᠡᠭ ᠤᠨ ᠤᠷᠠᠯᠠᠯ  ᠶᠤᠮ᠃ ᠤᠷᠠᠳᠴᠤᠳ1649 ᠣᠨ ᠳᠤ ᠬᠦᠯᠦᠨ ᠪᠣᠶᠢᠷ ᠠᠴᠠ ᠣᠳᠣᠬᠠᠨ ᠤ  ᠮᠣᠨᠠ ᠠᠭᠤᠯᠠᠨ ᠤ ᠦᠪᠦᠷ ᠲᠤ ᠭᠤᠷᠪᠠᠨ ᠵᠠᠭᠤ ᠭᠠᠷᠤᠢ ᠵᠢᠯ ᠠᠵᠤ ᠠᠮᠢᠳᠤᠷᠠᠨ ᠰᠠᠭᠤᠵᠠᠢ᠂ ᠠᠷᠪᠠᠨ ᠨᠠᠢᠮᠠᠳᠤᠭᠠᠷ ᠵᠠᠭᠤᠨ ᠤ ᠳᠤᠮᠳᠠᠴᠢ ᠪᠠᠷ ᠪᠣᠷᠬᠠᠨ ᠱᠠᠵᠢᠨ ᠤ ᠨᠦᠯᠦᠭᠡ ᠶᠢ ᠵᠢᠯᠢᠶᠡᠨ ᠠᠪᠤᠭᠰᠠᠨ ᠠᠴᠠ ᠠᠮᠢᠳᠤᠷᠠᠯ ᠤᠨ ᠵᠠᠩ ᠳᠠᠳᠬᠠᠯ᠂ ᠰᠢᠲᠦᠭᠡᠨ ᠦᠢᠯᠡ ᠶᠢᠨ ᠲᠠᠯ᠎ᠠ ᠪᠠᠷ ᠲᠤᠩ ᠶᠡᠭᠡ ᠬᠤᠪᠢᠷᠠᠯᠲᠠ ᠲᠠᠢ ᠪᠣᠯᠵᠤ᠂ ᠪᠣᠰᠤᠳ ᠮᠣᠩᠭᠤᠯ ᠣᠪᠤᠭ ᠠᠶᠢᠮᠠᠭ ᠲᠠᠢ ᠠᠳᠠᠯᠢ ᠬᠠᠳᠬᠤᠮᠠᠯ ᠤᠶᠤᠳᠠᠯ ᠢ ᠲᠤᠩ ᠡᠷᠬᠢᠮᠯᠡᠨ ᠦᠵᠡᠬᠦ ᠪᠣᠯᠤᠭᠰᠠᠨ ᠪᠦᠭᠡᠳ ᠤᠷᠠᠯᠠᠵᠤ ᠭᠠᠷᠭᠠᠭᠰᠠᠨ ᠬᠠᠳᠬᠤᠮᠠᠯ ᠤᠨ ᠤᠳᠬ᠎ᠠ ᠰᠠᠨᠠᠭᠠᠨ ᠤ ᠲᠠᠯ᠎ᠠ ᠪᠠᠷ ᠦᠪᠡᠷ ᠤᠨ ᠦᠪᠡᠷᠮᠢᠴᠡ ᠣᠨᠴᠢᠯᠢᠭ ᠲᠠᠢ ᠪᠣᠯᠵᠤ᠂ ᠬᠤᠪᠴᠠᠰᠤ ᠵᠠᠰᠠᠯ ᠲᠠᠢ ᠠᠳᠠᠯᠢ ᠦᠩᠭᠡ ᠪᠣᠳᠤᠭ ᠪᠣᠯᠤᠨ ᠵᠢᠷᠤᠭ ᠲᠦᠷᠰᠦ ᠨᠢ ᠦᠪᠡᠷ ᠤᠨ ᠳᠦᠷᠢᠮ ᠵᠢᠷᠤᠮᠰᠢᠯ ᠲᠠᠢ᠂ ᠡᠩ ᠤᠨ ᠪᠠᠶᠢᠳᠠᠯ ᠳᠤ ᠬᠤᠸᠠᠷ  ᠴᠡᠴᠡᠭ ᠤᠨ ᠵᠦᠢᠯᠡᠰ ᠬᠠᠮᠤᠭ ᠠᠷᠪᠢᠨ᠂ ᠣᠨᠴᠠᠭᠠᠶᠢᠯᠠᠨ ᠯᠢᠩᠬᠤᠸ᠎ᠠ ᠴᠡᠴᠡᠭ ᠲᠤᠩ ᠠᠷᠪᠢᠨ᠂ ᠦᠯᠵᠡᠢ ᠵᠠᠩᠭᠢᠶ᠎ᠠ ᠡᠭᠦᠯᠡᠨ ᠬᠤᠸᠠᠷ ᠮᠡᠲᠦ᠂ ᠠᠮᠢᠲᠡᠨ ᠤ ᠳᠦᠷᠰᠦ ᠳᠣᠲᠤᠷ᠎ᠠ ᠵᠦᠪᠬᠡᠨ ᠡᠷᠪᠡᠬᠡᠢ ᠯᠠ ᠪᠠᠶᠢᠳᠠᠭ᠂ ᠪᠤᠰᠤᠳ ᠠᠮᠢᠲᠠᠨ ᠢ ᠬᠠᠳᠬᠤᠵᠦ ᠤᠷᠠᠯᠠᠵᠤ ᠪᠣᠯᠳᠠᠭ ᠦᠭᠡᠢ ᠶᠢᠨ ᠤᠴᠢᠷ ᠨᠢ ᠪᠤᠷᠬᠠᠨ ᠱᠠᠵᠢᠨ ᠤ ᠬᠡᠯᠡᠯᠭᠡ ᠪᠠᠷ ᠴᠡᠭᠡᠷᠯᠡᠯ ᠪᠣᠯᠭᠠᠭᠰᠠᠨ ᠨᠢ ᠢᠯᠡᠷᠡᠬᠡᠢ᠂ ᠬᠠᠳᠬᠤᠮᠠᠯ ᠤᠨ ᠬᠡᠷᠡᠭᠯᠡᠬᠦ ᠬᠦᠷᠢᠶ᠎ᠡ ᠬᠡᠪᠴᠢᠶ᠎ᠡ ᠨᠢ ᠲᠤᠩ ᠦᠷᠭᠡᠨ ᠪᠠᠶᠢᠳᠠᠭ ᠃      ᠤᠷᠠᠳ ᠬᠠᠳᠬᠤᠮᠠᠯ ᠤᠨ ᠲᠠᠷᠬᠠᠯᠲᠠ ᠶᠢᠨ ᠬᠦᠷᠢᠶ᠎ᠡ ᠬᠡᠪᠴᠢᠶ᠎ᠡ ᠨᠢ ᠤᠷᠠᠳ ᠤᠨ ᠡᠮᠦᠨᠡᠲᠦ ᠬᠤᠰᠢᠭᠤ᠂ ᠤᠷᠠᠳ ᠤᠨ ᠳᠤᠮᠳᠠᠳᠤ ᠬᠤᠰᠢᠭᠤ᠂ ᠤᠷᠠᠳ ᠤᠨ ᠬᠤᠶᠢᠲᠤ ᠬᠤᠰᠢᠭᠤᠨ ᠤ ᠮᠣᠩᠭᠤᠯ ᠰᠠᠭᠤᠭᠠᠯᠢ ᠠᠷᠠᠳ ᠤᠨ ᠲᠣᠭᠤᠷᠢᠭ᠂ ᠡᠨᠡ ᠨᠢ ᠮᠣᠩᠭᠤᠯ ᠠᠮᠢᠳᠤᠷᠠᠯ ᠤᠨ ᠵᠠᠰᠠᠯ ᠴᠢᠮᠡᠭᠯᠡᠯ ᠳᠤ ᠨᠢᠭᠡᠨ ᠬᠤᠪᠢ ᠶᠢᠨ ᠭᠤᠸ᠎ᠠ ᠦᠵᠡᠰᠭᠦᠯᠡᠩ ᠢ  ᠨᠡᠮᠡᠷᠢᠯᠡᠵᠦ᠂ ᠦᠵᠡᠯ ᠰᠠᠨᠠᠭᠠᠨ ᠤ ᠰᠣᠨᠢᠷᠬᠠᠯ ᠢ ᠲᠠᠲᠠᠵᠤ᠂ ᠠᠮᠢᠳᠤᠷᠠᠯ ᠤᠨ ᠪᠠᠶᠠᠨ ᠲᠠᠩᠰᠤᠭ᠂ ᠵᠢᠷᠭᠠᠯ ᠲᠠᠭᠠᠯᠠᠮᠵᠢ ᠶᠢᠨ ᠪᠠᠭ᠋ᠠᠳᠤᠯ ᠢ ᠬᠠᠩᠭᠠᠭᠠᠵᠤ ᠦᠭᠳᠡᠭ  ᠪᠠᠶᠢᠨ᠎ᠠ᠃ ᠤᠷᠠᠳ ᠬᠠᠳᠬᠤᠮᠠᠯ ᠤᠨ ᠤᠷᠠᠯᠢᠭ ᠤᠨ ᠠᠷᠭ᠎ᠠ ᠬᠡᠯᠪᠡᠷᠢ ᠣᠯᠠᠨ ᠶᠠᠩᠵᠦ ᠪᠣᠢ᠂ ᠬᠠᠮᠤᠭ ᠨᠡᠶᠢᠳᠡᠮ ᠬᠡᠷᠡᠭᠯᠡᠳᠡᠭ ᠬᠠᠳᠬᠤᠬᠤ ᠠᠷᠭ᠎ᠠ ᠨᠢ ᠵᠢᠭᠠᠭᠠᠮᠠᠯ ᠬᠠᠳᠬᠤᠮᠠᠯ᠂ ᠰᠤᠯᠠ ᠬᠠᠳᠬᠤᠬᠤ ᠠᠷᠭ᠎ᠠ ᠭᠡᠵᠦ ᠪᠣᠢ᠂ ᠵᠢᠭᠠᠭᠠᠮᠠᠯ ᠬᠠᠳᠬᠤᠮᠠᠯ ᠤᠨ ᠠᠷᠭ᠎ᠠ ᠬᠡᠷᠡᠭᠯᠡᠭᠦᠷ ᠨᠢ ᠲᠤᠩ ᠬᠦᠴᠢᠷ ᠲᠠᠢ ᠪᠦᠭᠡᠳ ᠬᠠᠳᠬᠤᠵᠤ ᠭᠠᠷᠭᠠᠭᠰᠠᠨ ᠬᠤᠸᠠᠷ ᠨᠢ ᠤᠷᠲᠤ ᠣᠬᠤᠷ ᠤᠲᠠᠰᠤᠨ ᠤ ᠰᠦᠯᠵᠢᠯ ᠢᠶᠠᠷ ᠳᠡᠮᠵᠢᠵᠦ ᠤᠲᠠᠰᠤᠨ ᠤ ᠦᠩᠭᠡ ᠪᠠᠷ ᠠᠪᠴᠠᠯᠳᠤᠯ ᠲᠠᠢ ᠰᠠᠶᠢᠬᠠᠨ ᠵᠣᠬᠢᠴᠠᠭᠤᠯᠵᠤ ᠭᠠᠷᠭᠠᠳᠠᠭ ᠢᠶᠠᠷ ᠦᠵᠡᠬᠦ ᠳᠤ ᠲᠤᠩ  ᠪᠣᠰᠤᠭ᠎ᠠ ᠬᠠᠷᠠᠭᠳᠠᠯ ᠲᠠᠢ᠂ ᠨᠢᠭᠤᠷ ᠲᠠᠯ᠎ᠠ ᠨᠢ ᠲᠡᠭᠰᠢ᠂ ᠤᠲᠠᠰᠤᠨ ᠤ ᠴᠢᠩᠭ᠎ᠠ ᠰᠤᠯᠠ ᠨᠢ ᠵᠢᠭᠳᠡ᠂ ᠦᠵᠡᠮᠦᠷᠢ ᠰᠠᠶᠢᠲᠠᠢ ᠪᠠᠷ ᠪᠦᠬᠦᠶᠢᠯᠡ ᠮᠣᠩᠭᠤᠯ ᠣᠷᠤᠨ ᠳᠤ ᠠᠯᠳᠠᠷᠲᠠᠢ ᠪᠠᠶᠢᠳᠠᠭ᠃ ᠡᠨᠡ ᠪᠦᠬᠦᠨ ᠨᠢ ᠤᠷᠠᠳ ᠠᠷᠠᠳ ᠤᠨ ᠡᠮᠡᠭᠲᠡᠢ ᠪᠦᠰᠡᠭᠦᠶᠢᠴᠦᠳ ᠤᠨ ᠤᠷᠠᠨ ᠠᠪᠢᠶᠠᠰᠤᠯᠢᠭ᠂ ᠤᠶᠤᠨ ᠤᠬᠠᠭᠠᠨ ᠪᠦᠬᠦᠨ᠂ ᠭᠠᠷ ᠤᠷᠠᠯᠢᠭ ᠤᠨ ᠴᠢᠳᠠᠪᠦᠷᠢ ᠦᠨᠳᠦᠷ ᠬᠡᠰᠡᠨ ᠢ ᠬᠠᠷᠠᠭᠤᠯᠵᠦ ᠪᠣᠯᠤᠨ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ