【ᠲᠡᠦᠬᠡ ᠰᠤᠶᠤᠯ】ᠤᠷᠠᠳ ᠬᠤᠪᠴᠠᠰᠤ ᠵᠠᠰᠠᠯ
ᠨᠡᠶᠢᠲᠡᠯᠡᠭᠰᠡᠨ ᠴᠠᠭ᠄
2021/11/26
     ᠤᠷᠠᠳ ᠬᠤᠪᠴᠠᠰᠤ ᠵᠠᠰᠠᠯ ᠨᠢ ᠳᠡᠪᠡᠯ᠂ ᠲᠡᠷᠯᠢᠭ ᠢ ᠵᠢᠭᠠᠳᠠᠭ᠃ ᠬᠤᠪᠴᠠᠰᠤ ᠵᠠᠰᠠᠯ ᠪᠣᠯ ᠬᠦᠮᠦᠨ ᠤ ᠡᠮᠦᠰᠬᠡᠯ ᠵᠡᠭᠦᠳᠡᠯ ᠪᠠ ᠵᠠᠰᠠᠯ ᠴᠢᠮᠡᠯ ᠪᠣᠯᠤᠨ᠎ᠠ᠃ ᠬᠤᠪᠴᠠᠰᠤ ᠬᠤᠨᠠᠷ ᠤᠨ ᠬᠠᠮᠤᠭ ᠤᠨ ᠲᠦᠷᠦᠭᠦᠨ ᠤ ᠴᠢᠳᠠᠪᠬᠢ ᠪᠣᠯ ᠬᠦᠮᠦᠨ ᠤ ᠪᠡᠶ᠎ᠡ ᠮᠠᠬᠠᠪᠣᠳ ᠢ ᠬᠠᠮᠠᠭᠠᠯᠠᠨ ᠰᠡᠷᠭᠡᠶᠢᠯᠡᠬᠦ ᠳᠤ ᠪᠣᠢ᠃ ᠲᠡᠷᠡ ᠨᠢ ᠬᠦᠮᠦᠨ ᠤ ᠦᠷᠲᠡᠭ ᠤᠨ ᠨᠢᠭᠡ ᠵᠦᠢᠯ ᠤᠨ ᠢᠯᠡᠷᠡᠯ ᠪᠣᠯᠬᠤᠷ  ᠨᠢᠭᠡ ᠵᠦᠢᠯ ᠤᠨ ᠳᠡᠮᠳᠡᠭ᠂ ᠠᠳᠠᠯᠢ ᠪᠣᠰᠤ ᠬᠦᠢᠰᠦᠲᠡᠨ᠂ ᠠᠳᠠᠯᠢ ᠪᠣᠰᠤ ᠰᠤᠶᠤᠯ ᠤᠨ ᠬᠠᠮᠲᠤᠷᠠᠯ ᠪᠠ ᠠᠳᠠᠯᠢ ᠪᠣᠰᠤ ᠳᠠᠪᠬᠤᠷᠭ᠎ᠠ ᠶᠢᠨ ᠬᠦᠮᠦᠨ ᠤ ᠭᠤᠸ᠎ᠠ ᠰᠠᠶᠢᠬᠠᠨ ᠤ ᠲᠠᠭᠠᠰᠢᠶᠠᠯ ᠢ ᠢᠯᠡᠷᠡᠭᠦᠯᠬᠦ ᠮᠦᠷᠲᠡᠭᠡᠨ ᠠᠳᠠᠯᠢ ᠪᠣᠰᠤ ᠬᠦᠮᠦᠨ ᠨᠡᠶᠢᠭᠡᠮ ᠤᠨ ᠪᠠᠶᠢᠷᠢ ᠰᠠᠭᠤᠷᠢ ᠪᠠ ᠠᠳᠠᠯᠢ ᠪᠣᠰᠤ ᠦᠨᠳᠦᠰᠦᠲᠡᠨ ᠤ ᠬᠠᠷᠢᠯᠴᠠᠨ ᠢᠯᠭᠠᠭᠳᠠᠬᠤ ᠭᠠᠳᠠᠷ ᠣᠨᠴᠠᠯᠢᠭ ᠪᠣᠯᠤᠨ᠎ᠠ᠃ ᠤᠷᠠᠳᠴᠣᠳ᠂ ᠤᠷᠠᠳ ᠰᠤᠶᠤᠯ ᠤᠨ ᠬᠠᠮᠲᠤᠷᠠᠯ ᠤᠨ ᠬᠤᠪᠢ ᠳᠤ ᠦᠪᠡᠷ ᠪᠣᠰᠣᠳ ᠠᠴᠠ ᠢᠯᠭᠠᠭᠳᠠᠬᠤ ᠳᠡᠪᠡᠯ ᠲᠡᠷᠯᠢᠭ ᠲᠠᠢ  ᠶᠤᠮ᠃     ᠤᠷᠠᠳ ᠳᠡᠪᠡᠯ ᠭᠡᠵᠦ ᠡᠯᠳᠡᠵᠦ ᠪᠣᠯᠪᠠᠰᠤᠷᠠᠭᠤᠯᠤᠭᠰᠠᠨ ᠬᠤᠨᠢ ᠢᠮᠠᠭᠠᠨ ᠤ ᠠᠷᠠᠰᠤ ᠪᠠᠷ ᠬᠢᠭᠰᠡᠨ ᠬᠤᠷᠮᠣᠢ᠂ ᠡᠩᠭᠡᠷ ᠲᠠᠢ ᠤᠷᠲᠦ ᠬᠤᠪᠴᠠᠰᠤ ᠶᠢ ᠵᠢᠭᠠᠳᠠᠭ᠃ ᠳᠡᠪᠡᠯ ᠤᠨ ᠡᠳ᠋ ᠨᠢ ᠨᠡᠬᠡᠢ ᠳᠡᠪᠡᠯ ᠪᠠ ᠬᠤᠷᠠᠭᠠᠨ ᠳᠡᠪᠡᠯ ᠭᠡᠵᠦ ᠬᠤᠪᠢᠶᠠᠳᠠᠭ᠂ ᠳᠡᠪᠡᠯ ᠪᠣᠯ ᠡᠪᠦᠯ ᠤᠨ ᠡᠮᠦᠰᠭᠡᠯ ᠪᠣᠯᠣᠨ᠎ᠠ᠃     ᠲᠡᠷᠯᠢᠭ ᠭᠡᠵᠦ ᠪᠦᠰ ᠪᠣᠶᠤ ᠲᠣᠷᠭ᠎ᠠ᠂ ᠠᠩᠨᠤᠭ ᠢᠶᠠᠷ ᠬᠢᠭᠰᠡᠨ ᠳᠡᠪᠡᠯ ᠲᠠᠢ ᠠᠳᠠᠯᠢ ᠬᠤᠷᠮᠤᠢ ᠲᠠᠢ᠂ ᠡᠩᠭᠡᠷ ᠲᠠᠢ ᠤᠷᠲᠦ ᠬᠤᠪᠴᠠᠰᠤ ᠶᠢ ᠬᠡᠯᠡᠳᠡᠭ᠃ ᠲᠡᠷᠯᠢᠭ ᠪᠤᠶᠤ ᠳᠡᠪᠡᠯ ᠤᠨ ᠡᠰᠬᠡᠵᠦ ᠣᠶᠤᠬᠤ ᠶᠠᠪᠤᠴᠠ ᠨᠢ  ᠦᠨᠳᠦᠰᠦᠨ ᠳᠤ ᠪᠠᠨ ᠠᠳᠠᠯᠢᠬᠠᠨ  ᠪᠠᠶᠢᠳᠠᠭ ᠪᠦᠭᠡᠳ ᠪᠦᠷ ᠵᠠᠭᠠᠮ᠎ᠠ ᠲᠠᠢ᠂ ᠡᠩᠭᠡᠷ ᠲᠠᠯ᠎ᠠ᠂ ᠠᠷᠤ ᠲᠠᠯ᠎ᠠ᠂ ᠳᠣᠲᠤᠭᠠᠳᠤ ᠡᠩᠭᠡᠷ ᠬᠠᠨᠴᠣᠢ᠂ ᠲᠤᠭᠤᠷᠢ᠂ ᠲᠤᠪᠴᠦ᠂ ᠰᠢᠯᠪᠢ᠂ ᠣᠭᠤᠨᠤ᠂ ᠪᠦᠰᠡ ᠵᠡᠷᠭᠡ ᠪᠠᠷ ᠪᠦᠷᠢᠯᠳᠦᠳᠡᠭ᠃ ᠲᠡᠭᠡᠬᠦ ᠳᠤ ᠪᠠᠨ ᠬᠠᠨᠴᠤᠢ ᠨᠢ ᠨᠢᠳᠤᠷᠭ᠎ᠠ ᠲᠠᠢ᠂ ᠬᠤᠶᠠᠷ ᠡᠩᠭᠡᠷ ᠲᠠᠢ᠂ ᠳᠣᠲᠤᠭᠠᠳᠤ ᠬᠤᠷᠮᠤᠢ ᠨᠢ ᠭᠠᠳᠠᠭᠠᠳᠤ ᠬᠤᠷᠮᠣᠢ ᠠᠴᠠ ᠨᠢ ᠣᠬᠤᠷ᠂ ᠦᠩᠭᠡ ᠪᠦᠷᠢ ᠶᠢᠨ ᠲᠣᠷᠠᠭ᠎ᠠ ᠳᠤᠷᠳᠤᠩ ᠳᠡᠭᠡᠷ᠎ᠡ ᠭᠤᠷᠪᠠᠨ ᠡᠮᠵᠢᠶᠡᠷᠢ ᠳᠡᠷᠤᠭᠤᠯᠤᠨ ᠣᠶᠤᠳᠠᠭ᠃ ᠲᠡᠷᠯᠢᠭ ᠢ ᠳᠠᠩ ᠲᠡᠷᠯᠢᠭ᠂ ᠬᠦᠪᠦᠩᠲᠡᠢ ᠲᠡᠷᠯᠢᠭ ᠭᠡᠵᠦ ᠬᠤᠪᠢᠶᠠᠳᠠᠭ᠃     ᠲᠡᠷᠯᠢᠭ ᠢ ᠤᠷᠠᠳᠴᠣᠳ ᠦᠪᠡᠷᠲᠡᠭᠡᠨ ᠤᠶᠤᠵᠤ᠂  ᠡᠷᠡᠭᠲᠡᠢ ᠡᠮᠡᠭᠲᠡᠢ ᠭᠡᠵᠦ ᠢᠯᠭᠠᠯ ᠦᠭᠡᠢ ᠡᠮᠦᠰᠳᠡᠭ᠃  ᠡᠮᠡᠭᠲᠡᠶᠢᠴᠦᠳ ᠤᠨ ᠲᠡᠷᠯᠢᠭ ᠢ ᠪᠠᠰᠠ ᠬᠡᠦᠬᠡᠨ ᠬᠦᠮᠦᠨ ᠤ ᠲᠡᠷᠯᠢᠭ᠂ ᠪᠦᠰᠡᠭᠦᠶᠢᠴᠦᠳ ᠤᠨ ᠲᠡᠷᠯᠢᠭ᠂ ᠨᠠᠰᠤᠲᠠᠶᠢᠴᠣᠳ ᠤᠨ ᠲᠡᠷᠯᠢᠭ ᠭᠡᠵᠦ ᠨᠠᠷᠢᠨ ᠬᠤᠪᠢᠶᠠᠳᠠᠭ᠃ ᠬᠡᠦᠬᠡᠨ ᠬᠦᠮᠦᠨ ᠤ ᠲᠡᠷᠯᠢᠭ ᠤᠨ ᠵᠠᠭᠠᠮ᠎ᠠ᠂ ᠡᠩᠭᠡᠷ᠂ ᠬᠠᠨᠴᠤᠢ ᠶᠢᠨ ᠠᠮᠠ᠂ ᠣᠨᠤᠭᠤ ᠳᠠᠭᠠᠤ ᠦᠷᠭᠡᠨ ᠰᠤᠯᠤᠩᠭ᠎ᠠ ᠳᠠᠷᠤᠭᠤᠯᠳᠠᠭ ᠵᠠᠩᠰᠢᠯ ᠲᠠᠢ᠂ ᠪᠠᠰᠠ ᠳᠣᠭᠤᠯᠠᠩ ᠡᠩᠭᠡᠷ ᠲᠠᠢ ᠬᠠᠨᠵᠢᠶᠠᠷᠢ ᠡᠮᠦᠰᠳᠡᠭ᠃ ᠪᠦᠰᠡᠭᠦᠶᠢᠴᠦᠳ ᠨᠢ ᠣᠯᠠᠩᠬᠢ ᠳᠤ ᠪᠠᠨ ᠬᠦᠬᠡ᠂ ᠴᠡᠩᠬᠡᠷ᠂ ᠬᠠᠷ᠎ᠠ ᠬᠦᠬᠡ ᠦᠩᠭᠡ ᠶᠢᠨ ᠪᠦᠰ ᠪᠠᠷᠠᠭ᠎ᠠ ᠶᠢ ᠶᠠᠭᠠᠨ ᠪᠤᠶᠤ ᠤᠯᠠᠭᠠᠨ ᠰᠢᠷᠭᠠᠯ ᠳᠤᠷᠳᠤᠩ ᠢᠶᠠᠷ ᠢᠮᠵᠢᠶᠡᠷᠢᠯᠡᠨ ᠳᠣᠲᠤᠷ ᠲᠠᠢ ᠲᠡᠷᠯᠢᠭ ᠤᠤᠵᠢ ᠡᠮᠦᠰᠳᠡᠭ ᠃ ᠨᠠᠰᠤᠲᠠᠢ ᠬᠦᠮᠦᠨ ᠤ ᠬᠤᠪᠴᠠᠰᠤ ᠵᠠᠰᠠᠯ ᠳᠤ ᠬᠡᠦᠬᠡ ᠪᠤᠶᠤ ᠬᠦᠷᠡᠩ ᠳᠡᠪᠡᠯ ᠲᠡᠷᠯᠢᠭ ᠭᠤᠣᠯ ᠪᠣᠯᠪᠠᠴᠤ ᠳᠡᠪᠡᠯ ᠲᠡᠷᠯᠢᠭ ᠤᠨ ᠪᠦᠰᠡ ᠪᠠᠷᠠᠭ᠎ᠠ ᠶᠢ ᠬᠦᠨ ᠦᠩᠭᠡ ᠰᠤᠩᠭᠤᠳᠠᠭ᠃ ᠭᠡᠬᠦ ᠳᠤ ᠪᠠᠨ  ᠬᠤᠪᠴᠠᠰᠤ ᠶᠢ ᠠᠭᠤᠵᠢᠭᠤ ᠰᠢᠭ᠋ ᠡᠰᠬᠡᠵᠦ ᠤᠶᠤᠬᠤ ᠮᠦᠷᠲᠡᠭᠡᠨ ᠴᠢᠨᠠᠷ ᠰᠠᠶᠢᠲᠠᠢ ᠪᠦᠬᠡᠯᠢᠭ ᠵᠤᠵᠠᠭᠠᠨ ᠡᠳ᠋ ᠪᠠᠷᠠᠭ᠎ᠠ ᠪᠠᠷ ᠬᠢᠳᠡᠭ᠃ 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ