【ᠲᠡᠦᠬᠡ ᠰᠤᠶᠤᠯ】 ᠮᠤᠨᠠ ᠠᠭᠤᠯᠠ ᠶᠢᠨ ᠬᠠᠳᠠᠨ ᠵᠢᠷᠤᠭ
ᠨᠡᠶᠢᠲᠡᠯᠡᠭᠰᠡᠨ ᠴᠠᠭ᠄
2021/11/26
    ᠮᠤᠨᠠ ᠠᠭᠤᠯᠠ ᠶᠢᠨ ᠬᠠᠳᠠᠨ ᠵᠢᠷᠤᠭ ᠢ ᠰᠢᠨᠵᠢᠯᠡᠪᠡᠯ ᠪᠠᠯᠠᠷ ᠡᠷᠳᠡᠨ ᠤ ᠬᠠᠭᠤᠴᠢᠨ ᠴᠢᠯᠠᠭᠤᠨ ᠵᠡᠪᠰᠡᠭ ᠤᠨ ᠦᠶ᠎ᠡ ᠠᠴᠠ ᠬᠦᠷᠡᠯ ᠵᠡᠪᠰᠡᠭ ᠤᠨ ᠦᠶ᠎ᠡ ᠶᠢᠨ ᠰᠡᠭᠦᠯᠴᠢ ᠳᠤ ᠪᠤᠢ ᠪᠤᠯᠤᠭᠰᠠᠨ ᠨᠢ ᠲᠤᠳᠤᠷᠬᠠᠢ ᠪᠠᠶᠢᠨ᠎ᠠ᠃ ᠮᠤᠨᠠ ᠠᠭᠤᠯᠠ ᠶᠢᠨ ᠬᠠᠳᠠᠨ ᠵᠢᠷᠤᠭ ᠢ ᠬᠠᠮᠤᠭ ᠲᠦᠷᠦᠭᠦᠨ ᠳᠤ 5 ᠳ᠋ᠣᠭᠠᠷ ᠵᠠᠭᠤᠨ ᠤ ᠦᠶ᠎ᠡ ᠶᠢᠨ ᠬᠤᠶᠢᠳᠤ ᠸᠧᠢ ᠣᠯᠣᠰ ᠤᠨ ᠭᠠᠵᠠᠷ ᠵᠦᠢ ᠶᠢᠨ ᠰᠣᠳᠣᠯᠣᠯ ᠤᠨ ᠡᠷᠳᠡᠮᠳᠡᠨ ᠯᠢ ᠳ᠋ᠣᠣ ᠶᠤᠸᠠᠨ ᠲᠡᠭᠦᠨ ᠤ ᠣᠰᠣᠨ ᠤ ᠰᠣᠳᠣᠯᠣᠯᠳᠣ ᠨᠣᠮ ᠤᠨ ᠲᠠᠶᠢᠯᠪᠤᠷᠢ ᠳᠡᠭᠡᠨ ᠪᠢᠴᠢᠵᠦ ᠦᠩᠭᠡᠷᠡᠵᠡᠢ᠃ ᠲᠤᠰ ᠲᠠᠶᠢᠯᠪᠤᠷᠢ ᠳᠡᠭᠡᠨ ᠴᠢᠯᠠᠭᠤᠨ ᠵᠢᠷᠤᠭᠳᠤ ᠠᠭᠤᠯᠠ ᠨᠢ ᠮᠤᠨᠠ ᠶᠢᠨ ᠨᠢᠷᠤᠭᠤᠨ ᠤ ᠪᠠᠷᠠᠭᠤᠨ ᠬᠡᠰᠡᠭ ᠲᠠᠬᠢ ᠬᠤᠶᠠᠷ ᠪᠤᠭᠳᠠ ᠶᠢᠨ ᠠᠭᠤᠯᠠ ᠬᠢᠬᠡᠳ ᠰᠡᠷᠳᠡᠩ ᠠᠭᠤᠯᠠ ᠬᠡᠵᠦ ᠤᠨᠴᠠᠭᠠᠶᠢᠯᠠᠨ ᠲᠤᠳᠤᠷᠬᠠᠶᠢᠯᠠᠵᠤ ᠪᠠᠶᠢᠪᠠ᠃

岩画.jpg

    ᠮᠤᠨᠠ ᠠᠭᠤᠯᠠ ᠶᠢᠨ ᠬᠠᠳᠠᠨ ᠵᠢᠷᠤᠭ ᠨᠢ ᠭᠤᠤᠯᠳᠠᠭᠤ ᠤᠷᠠᠳ ᠤᠨ  ᠲᠤᠮᠳᠠᠳᠤ ᠬᠤᠰᠢᠭᠤᠨ ᠤ ᠪᠠᠷᠠᠭᠤᠨ ᠡᠮᠦᠨ᠎ᠡ ᠪᠠᠶᠢᠭ᠎ᠠ ᠲᠡᠷᠭᠢ ᠶᠢᠨ ᠴᠠᠭᠠᠨ  ᠠᠭᠤᠯᠠ 

ᠪᠠ ᠡᠬᠢᠨᠱᠠᠩᠳᠠ ᠶᠢᠨ ᠵᠢᠯᠠᠭ᠎ᠠ ᠳᠤ ᠲᠦᠪᠯᠡᠷᠡᠵᠦ ᠪᠠᠶᠢᠳᠠᠭ᠂ ᠵᠠᠷᠢᠮ ᠨᠢ ᠪᠦᠯᠦᠭ ᠪᠦᠯᠦᠭ ᠢᠶᠠᠷ ᠲᠦᠪᠯᠡᠷᠡᠵᠦ᠂ ᠵᠠᠷᠢᠮ ᠨᠢ ᠠᠰ ᠠᠰ ᠳᠠᠭᠠᠨ  ᠪᠠᠶᠢᠳᠠᠭ᠃ ᠪᠠᠰᠠ

ᠶᠡᠭᠡ ᠬᠡᠮᠵᠢᠶ᠎ᠡ ᠪᠠᠷ ᠦᠷᠭᠦᠯᠵᠢᠯᠡᠭᠰᠡᠨ ᠴᠣ᠋ ᠪᠠᠶᠢᠳᠠᠭ᠃ ᠨᠡᠯᠢᠶᠡᠳ ᠰᠠᠶᠢᠨ ᠬᠠᠳᠠᠭᠠᠯᠠᠭᠳᠠᠵᠤ ᠪᠠᠶᠢᠭ᠎ᠠ ᠬᠠᠳᠠᠨ ᠵᠢᠷᠤᠭ ᠨᠢ ᠦᠨᠳᠦᠷ ᠢᠶᠠᠷ15 ᠮᠧᠲᠷ᠂ ᠦᠷᠭᠡᠨ

 ᠢᠶᠠᠷ 5 ᠮᠧᠲᠷ᠂ 50 ᠭᠠᠷᠣᠢ ᠲᠤᠰᠬᠠᠢ ᠪᠠᠶᠠᠳᠤ ᠦᠷᠭᠦᠯᠵᠢᠯᠡᠭᠰᠡᠨ ᠵᠢᠷᠤᠭ ᠪᠤᠯᠤᠨ᠎ᠠ᠃ ᠡᠭᠦᠨ ᠠᠴᠠ ᠭᠠᠳᠠᠨ᠎ᠠ ᠪᠠᠰᠠ ᠣᠷᠠᠳ ᠤᠨ ᠬᠤᠶᠢᠳᠤ ᠬᠤᠰᠢᠭᠤᠨ ᠤ 

ᠲᠠᠪᠠᠭᠠᠨ ᠠᠮᠠ ᠶᠢᠨ ᠪᠠᠷᠠᠭᠤᠨ ᠪᠠᠯ᠂ ᠤᠷᠠᠳ ᠤᠨ  ᠲᠤᠮᠳᠠᠳᠤ ᠬᠤᠰᠢᠭᠤᠨ ᠤ  ᠴᠤᠷᠬᠢ ᠶᠢᠨ ᠵᠢᠯᠠᠭ᠎ᠠ ᠬᠢᠬᠡᠳ ᠰᠠᠶᠢᠨ ᠮᠤᠳᠤ ᠠᠭᠤᠯᠠᠨ ᠤ ᠲᠤᠮᠤ ᠬᠠᠳᠠᠨ ᠵᠢᠷᠤᠭ

 ᠤᠳ  ᠪᠤᠯᠤᠨ᠎ᠠ᠃

岩画3.jpg

    ᠮᠤᠨᠠ ᠠᠭᠤᠯᠠ ᠶᠢᠨ ᠬᠠᠳᠠᠨ ᠵᠢᠷᠤᠭ ᠨᠢ ᠠᠭᠤᠯᠭ᠎ᠠ ᠪᠠᠷ ᠪᠠᠶᠠᠯᠢᠭ᠂  ᠶᠠᠷᠦᠩᠭᠡᠢ ᠴᠤᠭᠴᠠ ᠠᠴᠠ ᠦᠵᠡᠪᠡᠯ ᠡᠷᠳᠡᠨ ᠤ  ᠠᠶᠢᠮᠠᠭ ᠪᠦᠯᠦᠭ ᠤᠨ  ᠨᠡᠭᠦᠳᠡᠯ

ᠠᠮᠢᠳᠤᠷᠠᠯ ᠪᠠ  ᠬᠡᠬᠡᠷ᠎ᠡ ᠶᠢᠨ ᠠᠮᠢᠳᠠᠨ ᠤ ᠵᠢᠷᠤᠭ ᠲᠦᠷᠰᠦ ᠬᠠᠮᠤᠭ ᠠᠷᠪᠢᠨ ᠪᠠᠶᠢᠳᠠᠭ᠃ ᠪᠤᠭᠤ᠂ ᠴᠠ ᠪᠤᠭᠤ᠂ ᠬᠠᠨᠳᠠᠭᠠᠢ᠂ ᠬᠤᠨᠢ ᠢᠮᠠᠭ᠎ᠠ᠂ ᠠᠷᠭᠠᠯᠢ᠂

ᠪᠦᠬᠦᠩ᠂ ᠶᠠᠩᠭᠢᠷ᠂ ᠮᠤᠷᠢ᠂ ᠦᠬᠡᠷ᠂ ᠡᠯᠵᠢᠬᠡ᠂ ᠪᠠᠷᠰ ᠢᠷᠪᠢᠰ᠂ ᠴᠢᠨ᠋ᠸ᠎ᠡ᠂ ᠨᠤᠬᠠᠢ ᠵᠡᠷᠭᠡ ᠪᠤᠢ᠃ ᠪᠠᠰᠠ ᠬᠦᠮᠦᠨ ᠤ ᠤᠨᠴᠠ ᠵᠢᠷᠤᠭ ᠴᠣ᠋ ᠪᠤᠢ᠂ ᠠᠩ

ᠬᠦᠷᠦᠬᠡ  ᠬᠢᠬᠦ᠂ ᠬᠦᠮᠦᠰ ᠤᠨ ᠬᠡᠷᠡᠭᠯᠡᠵᠦ ᠪᠠᠶᠢᠬᠤ ᠵᠠᠪᠰᠡᠭ᠂ ᠠᠩ ᠭᠦᠷᠦᠭᠡ ᠬᠢᠬᠦ ᠠᠷᠭ᠎ᠠ ᠮᠠᠶ᠋ᠢᠭ᠂ ᠭᠠᠭᠴᠠᠭᠠᠷ ᠠᠪᠠ ᠬᠢᠬᠦ᠂ ᠤᠯᠠᠭᠤᠯᠠ ᠠᠪᠠ ᠬᠢᠬᠦ᠂ ᠨᠤᠮᠤ

ᠰᠤᠮᠤ ᠪᠠᠷ ᠬᠠᠷᠪᠤᠬᠤ᠂ ᠪᠦᠰᠡᠯᠡᠨ ᠪᠠᠷᠢᠬᠤ᠂ ᠮᠤᠳᠤ ᠰᠡᠷᠡᠭᠡ ᠪᠠᠷ ᠴᠤᠬᠢᠵᠤ ᠠᠯᠠᠬᠤ᠂ ᠵᠢᠳᠠᠯᠠᠬᠤ ᠵᠡᠷᠭᠡ ᠬᠦᠳᠡᠯᠭᠡᠭᠡᠨ ᠪᠠᠶᠢᠳᠠᠭ᠂ ᠪᠠᠰᠠ ᠠᠶᠠᠨ ᠲᠠᠶᠢᠨ ᠤ  ᠵᠢᠷᠤᠭ

ᠲᠦᠷᠰᠦ᠂ ᠬᠤᠨᠢ ᠮᠠᠯ ᠬᠠᠷᠢᠭᠤᠯᠬᠤ᠂ ᠠᠳᠤᠭᠤ ᠠᠳᠤᠭᠤᠯᠠᠬᠤ᠂  ᠵᠠᠰᠠᠯ ᠴᠢᠮᠡᠭᠯᠡᠯ ᠲᠠᠢ᠂ ᠵᠠᠰᠠᠯ ᠴᠢᠮᠡᠭᠯᠡᠯ  ᠦᠬᠡᠢ ᠬᠦᠮᠦᠰ ᠪᠦᠵᠢᠭ ᠪᠦᠵᠢᠭᠯᠡᠵᠦ ᠪᠠᠶᠢᠬᠤ ᠵᠡᠷᠭᠡ

ᠵᠢᠷᠤᠭ ᠴᠣ᠋ ᠪᠠᠶᠢᠳᠠᠭ᠃ ᠡᠳᠡᠭᠡᠷ ᠨᠢ ᠪᠠᠯᠠᠷ ᠡᠷᠳᠡᠨ ᠤ  ᠬᠦᠮᠦᠰ ᠤᠨ ᠬᠠᠳᠠᠨ ᠵᠢᠷᠤᠭ ᠤᠨ ᠤᠷᠢ ᠴᠢᠳᠠᠪᠤᠷᠢ ᠨᠡᠯᠢᠶᠡᠳ ᠦᠨᠳᠦᠷ ᠬᠡᠮᠵᠢᠶᠡᠨ ᠳᠤ ᠬᠦᠷᠴᠦ

ᠪᠠᠶᠢᠭᠰᠠᠨ ᠢ ᠬᠠᠷᠠᠭᠤᠯᠵᠤ ᠪᠠᠶᠢᠨ᠎ᠠ᠃ ᠠᠭᠤᠯᠭ᠎ᠠ ᠶᠢᠨ ᠲᠠᠯ᠎ᠠ ᠪᠠᠷ ᠭᠤᠤᠯᠳᠠᠭᠤ ᠮᠤᠩᠭᠤᠯ ᠬᠦᠮᠦᠨ ᠤ ᠦᠢᠯᠡᠳᠪᠦᠷᠢᠯᠡᠯ ᠠᠮᠢᠳᠤᠷᠠᠯ ᠢ ᠲᠤᠰᠬᠠᠭᠰᠠᠨ ᠪᠠᠶᠢᠳᠠᠭ᠃

ᠡᠳᠡᠭᠡᠷ ᠬᠠᠳᠠᠨ ᠵᠢᠷᠤᠭ ᠤᠳ ᠨᠢ ᠤᠮᠠᠷᠠᠳᠤ ᠤᠷᠤᠨ ᠤ ᠲᠠᠯ᠎ᠠ ᠨᠤᠳᠤᠭ ᠤᠨ ᠨᠡᠭᠦᠳᠡᠯᠴᠢᠨ ᠦᠨᠳᠦᠰᠦᠳᠡᠨ ᠤ  ᠲᠡᠦᠬᠡ ᠰᠤᠶᠤᠯ ᠢ ᠰᠣᠳᠣᠯᠬᠤ ᠬᠠᠮᠤᠭ ᠤᠨ ᠰᠠᠶᠢᠨ

ᠪᠤᠳᠠᠳᠤ ᠬᠡᠷᠡᠴᠢ ᠲᠡᠮᠳᠡᠭ  ᠪᠤᠯᠬᠤ ᠶᠤᠮ᠃

岩画1.jpg

岩画2.jpg

 

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ