【ᠲᠡᠦᠬᠡ ᠰᠤᠶᠤᠯ】 ᠤᠷᠠᠳᠴᠤᠳ ᠤᠨ ᠨᠤᠲᠤᠭ ᠰᠢᠯᠵᠢᠯ
ᠨᠡᠶᠢᠲᠡᠯᠡᠭᠰᠡᠨ ᠴᠠᠭ᠄
2021/11/26
       1632-1633ᠣᠨ ᠤ ᠬᠤᠭᠤᠷᠤᠨᠳᠤ᠂ ᠬᠤᠶᠢᠲᠤ ᠠᠯᠲᠠᠨ ᠤᠯᠤᠰ ᠤᠨ ᠲᠡᠭᠷᠢ ᠶᠢᠨ ᠰᠡᠴᠡᠨ ᠤ 6-7 ᠣᠨ ᠳᠤ ᠴᠠᠬᠠᠷ ᠤᠨ ᠯᠢᠭᠳᠡᠨ ᠬᠠᠭᠠᠨ ᠪᠠᠷᠠᠭᠤᠨᠰᠢ ᠨᠡᠭᠦᠳᠡᠯᠯᠡᠭᠰᠡᠨ ᠤ ᠳᠠᠷᠠᠭ᠎ᠠ ᠪᠠᠷ ᠬᠤᠸᠠᠩ‌‍ᠲ᠋ᠠᠶᠢᠵᠢ ᠬᠦᠴᠦᠷᠬᠡᠭᠯᠡᠯ ᠪᠠ ᠡᠶᠡᠳᠡᠭᠦᠯᠦᠯ ᠢᠶᠠᠷ ᠵᠠᠯᠭᠠᠯᠳᠤᠭ᠎ᠠ ᠪᠠᠷ ᠠᠷᠤ ᠮᠣᠩᠭᠤᠯ ᠤᠨ ᠡᠯ᠎ᠡ ᠠᠶᠢᠮᠠᠭ ᠢ ᠡᠷᠬᠡᠰᠢᠶᠡᠪᠡ᠃ ᠡᠯ᠎ᠡ ᠠᠶᠢᠮᠠᠭ ᠡᠷᠬᠡᠰᠢᠶᠡᠭᠳᠡᠭᠰᠡᠨ ᠤ ᠰᠡᠭᠦᠯᠡᠷ ᠬᠤᠶᠢᠲᠤ ᠠᠯᠲᠠᠨ ᠣᠯᠣᠰ ᠤᠨ ᠳᠠᠷᠤᠯᠲᠠ ᠪᠠ ᠰᠢᠬᠠᠮᠳᠤᠯᠭ᠎ᠠ ᠪᠠᠷ ᠡᠷᠭᠦᠨ᠎ᠡ ᠭᠤᠣᠯ ᠤᠨ ᠣᠷᠴᠢᠮ ᠪᠠ ᠰᠢᠷᠠᠮᠦᠷᠡᠨ ᠤ ᠤᠷᠤᠰᠬᠠᠯ ᠳᠠᠭᠠᠤ ᠤᠷᠤᠨ ᠳᠤ ᠬᠦᠷᠴᠦ ᠨᠣᠲᠤᠭᠰᠢᠨ ᠴᠠᠬᠠᠷ ᠢ ᠰᠡᠷᠭᠡᠶᠢᠯᠡᠬᠦ ᠬᠠᠯᠬᠠᠪᠴᠢ ᠪᠣᠯᠪᠠ᠃1633 ᠣᠨ ᠳᠤ ᠤᠷᠠᠳ ᠠᠶᠢᠮᠠᠭ ᠢ ᠨᠤᠶᠠᠯᠠᠵᠤ ᠪᠠᠶᠢᠭᠰᠠᠨ ᠪᠤᠷᠬᠠᠢ ᠶᠢᠨ ᠬᠤᠶᠢᠴᠢᠰ ᠯᠠᠶᠢᠬ᠎ᠠ ᠶᠢᠨ ᠠᠴᠢ ᠣᠮᠪᠤᠯᠤ᠂ ᠪᠠᠷᠰᠠᠢ ᠶᠢᠨ ᠠᠴᠢ  ᠲᠤᠪᠠ᠂ ᠠᠴᠢ ᠰᠠᠷᠠᠩ ᠨᠠᠷ ᠠᠶᠢᠮᠠᠭ ᠢᠶᠠᠨ ᠳᠠᠭᠠᠭᠤᠯᠵᠤ ᠬᠤᠶᠢᠲᠤ ᠠᠯᠲᠠᠨ ᠣᠯᠣᠰ ᠤᠨ ᠶᠡᠭᠡ ᠴᠡᠷᠢᠭ ᠢ ᠳᠠᠭᠠᠵᠤ ᠬᠠᠯᠬ᠎ᠠ᠂ ᠰᠤᠯᠤᠩᠭᠤᠰ᠂ ᠮᠢᠩ ᠤᠯᠤᠰ ᠵᠡᠷᠭᠡ ᠲᠠᠢ ᠪᠠᠶᠢᠯᠳᠤᠭᠠᠳ ᠭᠠᠪᠢᠶ᠎ᠠ  ᠪᠠᠶᠢᠭᠤᠯᠵᠤ᠂ ᠢᠲᠡᠭᠡᠯ ᠪᠣᠯᠤᠨ ᠰᠠᠶᠢᠰᠢᠶᠠᠯ ᠢ ᠨᠢ ᠣᠯᠪᠠ᠃      1648 ᠣᠨ ︵ᠡᠶᠡᠪᠡᠷ ᠵᠠᠰᠠᠭᠴᠢ ᠶᠢᠨ5 ᠣᠨ︶  ᠳᠤ ᠴᠢᠩ ᠣᠯᠣᠰ ᠠᠴᠠ ᠮᠣᠩᠭᠤᠯ ᠤᠨ ᠳᠡᠭᠡᠳᠦ ᠳᠠᠪᠬᠤᠷᠭᠠᠲᠠᠳ ᠲᠤ ᠭᠠᠪᠢᠶ᠎ᠠ ᠶᠢ ᠨᠢ ᠲᠤᠭᠠᠴᠢᠵᠤ᠂ ᠹᠦᠩᠯᠦ ᠪᠣᠯᠣᠨ ᠮᠠᠯᠵᠢᠯ ᠤᠨ ᠭᠠᠵᠠᠷ ᠬᠦᠷᠲᠡᠭᠡᠪᠡ᠃ ᠤᠷᠠᠳ ᠠᠶᠢᠮᠠᠭ ᠢ ᠡᠮᠦᠨᠡᠲᠦ᠂ ᠳᠤᠮᠳᠠᠳᠤ᠂ ᠬᠤᠶᠢᠲᠤ ᠬᠡᠮᠡᠨ ᠭᠤᠷᠪᠠᠨ ᠬᠤᠰᠢᠭᠤ ᠪᠤᠯᠭᠠᠨ ᠬᠤᠪᠢᠶᠠᠵᠤ᠂ ᠣᠮᠪᠤ ᠶᠢᠨ ᠬᠦᠪᠡᠬᠦᠨ ᠦᠪᠡᠨ ᠢ ᠲᠦᠰᠢᠶ᠎ᠡ ᠭᠦᠩ ᠡᠷᠭᠦᠮᠵᠢᠯᠡᠵᠦ᠂ ᠤᠷᠠᠳ ᠤᠨ ᠳᠤᠮᠳᠠᠳᠤ ᠬᠤᠰᠢᠭᠤ ᠶᠢ ᠵᠡᠬᠢᠷᠠᠭᠤᠯᠪᠠ᠃ ᠡᠷᠬᠡ ᠲᠠᠶᠢᠵᠢ ᠲᠤᠪᠠ ᠶᠢ ᠭᠦᠩ ᠡᠷᠭᠦᠮᠵᠢᠯᠡᠵᠦ᠂ ᠤᠷᠠᠳ ᠤᠨ ᠬᠤᠶᠢᠲᠤ ᠬᠤᠰᠢᠭᠤ ᠶᠢ ᠵᠠᠬᠢᠷᠠᠭᠤᠯᠪᠠ᠃ ᠲᠡᠳᠡᠨ ᠳᠤ ᠬᠦᠷᠲᠡᠭᠡᠭᠰᠡᠨ ᠨᠣᠲᠤᠭ ᠪᠡᠯᠴᠢᠭᠡᠷ ᠭᠡᠪᠡᠯ ᠳᠠᠷᠤᠢ ᠪᠣᠷᠤᠲᠤᠬᠤᠢ ᠶᠢᠨ ᠬᠤᠶᠢᠲᠤ ᠬᠡᠰᠡᠭ᠂ ᠮᠣᠨᠠ ᠠᠭᠤᠯᠠ᠂ ᠬᠤᠶᠠᠷ ᠪᠤᠭᠳᠠ ᠠᠭᠤᠯᠠ ᠶᠢᠨ ᠬᠤᠭᠤᠷᠤᠨᠳᠤᠬᠢ ᠦᠷᠭᠡᠨ ᠠᠭᠤᠳᠠᠮ ᠨᠤᠲᠤᠭ ᠳᠡᠪᠢᠰᠭᠡᠷ ᠪᠤᠯᠤᠨ᠎ᠠ᠃      ᠤᠷᠠᠳ ᠭᠤᠷᠪᠠᠨ ᠬᠤᠰᠢᠭᠤ ᠨᠤᠲᠤᠭ ᠰᠢᠯᠵᠢᠬᠦ ᠳᠤ ᠪᠠᠨ ᠨᠢᠭᠡᠯᠡ ᠳᠡᠭᠡᠷ᠎ᠡ ᠨᠡᠭᠦᠳᠡᠯᠯᠡᠨ ᠢᠷᠡᠴᠢᠭᠡᠭᠰᠡᠨ ᠪᠢᠰᠢ᠂ ᠬᠤᠶᠠᠷ ᠵᠢᠯ ᠭᠠᠷᠤᠢ ᠶᠢᠨ ᠬᠤᠭᠤᠴᠠᠭ᠎ᠠ ᠶᠢ ᠬᠡᠷᠡᠭᠰᠡᠵᠦ᠂ ᠬᠤᠶᠠᠷ ᠮᠢᠩᠭ᠎ᠠ ᠭᠠᠷᠤᠢ ᠺᠢᠯᠤᠮᠧᠲᠷ ᠢ ᠲᠤᠭᠤᠯᠤᠨ ᠠᠶᠠᠯᠠᠵᠤ ᠵᠣᠷᠢᠭᠰᠠᠨ ᠭᠠᠵᠠᠷ ᠲᠤ ᠪᠠᠨ ᠬᠦᠷᠴᠦ ᠢᠷᠡᠵᠡᠢ᠃ ᠭᠤᠷᠪᠠᠨ ᠬᠤᠰᠢᠭᠤᠨ ᠤ ᠵᠠᠰᠠᠭ ᠶᠠᠮᠤᠨ ᠨᠢ ᠠᠩᠬᠠᠨ ᠤ ᠦᠶ᠎ᠡ ᠳᠤ ᠪᠠᠨ ᠬᠠᠳᠠᠮᠠᠯ ᠤᠨ ᠠᠮᠠ ᠳᠤ ᠴᠤᠭ ᠰᠠᠭᠤᠷᠢᠰᠢᠵᠤ ᠪᠠᠶᠢᠵᠠᠢ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ