【ᠲᠡᠦᠬᠡ ᠰᠤᠶᠤᠯ】ᠤᠷᠠᠳ ᠲᠡᠦᠬᠡ ᠶᠢᠨ ᠢᠷᠡᠯᠲᠡ ᠶᠢᠨ ᠲᠣᠬᠠᠢ
ᠨᠡᠶᠢᠲᠡᠯᠡᠭᠰᠡᠨ ᠴᠠᠭ᠄
2021/11/26
    ᠠᠷᠪᠠᠨ ᠲᠠᠪᠤᠳᠤᠭᠠᠷ ᠵᠠᠭᠤᠨ ᠤ ᠳᠤᠮᠳᠠᠴᠢ ᠦᠶ᠎ᠡ ᠠᠴᠠ ᠡᠬᠢᠯᠡᠨ ᠳᠣᠷᠤᠨ᠎ᠠ ᠮᠣᠩᠭᠤᠯ ᠤᠨ ᠬᠠᠭᠠᠨ ᠤ ᠬᠦᠴᠦᠨ ᠰᠤᠯᠠᠷᠠᠭᠰᠠᠨ ᠲᠠᠯᠢᠮ ᠳᠤ ᠬᠤᠷᠴᠢᠨᠴᠤᠳ᠂ ᠴᠢᠩᠭᠢᠰ ᠤᠨ ᠳᠡᠭᠦᠦ ᠬᠠᠪᠤᠲᠤ ᠬᠠᠰᠠᠷ ᠲᠤ ᠦᠮᠴᠢ ᠪᠤᠯᠭᠠᠨ ᠬᠤᠪᠢᠳᠠᠭᠰᠠᠨ ᠵᠡᠭᠦᠨ ᠣᠷᠤᠨ ᠡᠷᠭᠦᠨ᠎ᠡ ᠮᠦᠷᠡᠨ ᠤ ᠬᠠᠪᠢ ᠳᠠᠭᠠᠤ ᠨᠤᠲᠤᠭ ᠲᠤ ᠪᠠᠨ ᠢᠳᠡᠭ ᠢᠳᠡᠭ ᠢᠶᠠᠷ ᠬᠦᠴᠦᠷᠭᠡᠭᠵᠢᠨ᠂ ᠤᠮᠠᠷᠠᠲᠤ ᠶᠤᠸᠠᠨ ᠤᠯᠤᠰ ᠤᠨ ᠬᠠᠭᠠᠨ ᠲᠦᠷᠦ ᠮᠠᠨᠳᠤᠵᠤ ᠪᠠᠭᠤᠷᠠᠬᠤ ᠶᠢ ᠰᠢᠢᠳᠪᠦᠷᠢᠯᠡᠬᠦ ᠬᠦᠴᠦᠨ ᠲᠠᠢ ᠪᠣᠯᠤᠭᠰᠠᠨ ᠪᠠᠶᠢᠨ᠎ᠠ᠃ ᠪᠠᠲᠤᠮᠦ᠋ᠩᠬᠡ ᠳᠠᠶᠠᠨ ᠬᠠᠭᠠᠨ ᠳᠣᠷᠤᠨ᠎ᠠ ᠮᠣᠩᠭᠤᠯ ᠣᠷᠤᠨ ᠵᠢᠷᠭᠤᠭᠠᠨ ᠲᠦᠮᠡᠨ ᠤ ᠵᠠᠰᠠᠭ ᠵᠠᠬᠢᠷᠭ᠎ᠠ ᠶᠢ ᠪᠠᠶᠢᠭᠤᠯᠤᠨ᠂ ᠪᠤᠲᠠᠷᠠᠭᠰᠠᠨ ᠮᠣᠩᠭᠤᠯ ᠢᠶᠠᠨ ᠨᠢᠭᠡᠳᠬᠡᠬᠦ ᠳᠤ ᠬᠤᠷᠴᠢᠨ ᠶᠡᠭᠡ ᠲᠣᠰᠠᠯᠠᠮᠵᠢ ᠳᠡᠮᠵᠢᠯᠭᠡ ᠦᠵᠡᠭᠦᠯᠦᠭᠰᠡᠨ ᠪᠦᠭᠡᠳ ᠡᠨᠡ ᠦᠶ᠎ᠡ ᠬᠤᠷᠴᠢᠨᠴᠤᠳ ᠨᠢᠭᠡᠨᠲᠡ ᠳᠠᠶᠠᠨ ᠬᠠᠭᠠᠨ ᠤ ᠡᠷᠬᠡᠰᠢᠶᠡᠯ ᠳᠤ ᠦᠯᠦ ᠪᠠᠭᠲᠠᠬᠤ ᠲᠤᠰᠠᠭᠠᠷ ᠨᠢᠭᠡ ᠲᠦᠮᠡᠨ ᠪᠣᠯᠵᠤ᠂ ᠬᠤᠷᠴᠢᠨ ᠤ ᠣᠷᠳᠤᠲᠠᠢ ᠲᠦᠷᠦᠭᠦᠳᠡᠢ ᠨᠣᠶᠠᠳ ᠬᠠᠷᠢᠶᠠᠲᠤ ᠲᠦᠮᠡᠨ ᠢᠶᠠᠨ ᠵᠡᠭᠦᠨ ᠪᠠᠷᠠᠭᠤᠨ ᠭᠠᠷ ᠲᠤ ᠤᠯᠤᠰ ᠭᠡᠮᠡᠨ ᠨᠣᠶᠠᠷᠬᠠᠵᠤ ᠪᠠᠶᠢᠵᠠᠢ᠃ ᠡᠨᠡ ᠦᠶ᠎ᠡ ᠤᠷᠠᠳᠴᠤᠳ ᠪᠣᠯ ᠬᠤᠷᠴᠢᠨ ᠲᠦᠮᠡᠨ ᠤ ᠵᠡᠭᠦᠨ ᠭᠠᠷ ᠤᠨ ᠳᠣᠯᠤᠭᠠᠨ ᠣᠲᠤᠭ ᠤᠨ ᠨᠢᠭᠡ ᠪᠣᠯᠬᠤ ᠪᠦᠭᠡᠳ ᠣᠨᠤᠨ ᠮᠦᠷᠡᠨ ᠤ  ᠳᠣᠣᠷᠠᠲᠦ ᠤᠷᠤᠰᠬᠠᠯ ᠨᠢᠪᠴᠦ᠋ ᠣᠷᠴᠢᠮ ᠨᠤᠲᠤᠭᠯᠠᠵᠤ ᠪᠠᠶᠢᠪᠠ᠃《西域图志》 ᠭᠡᠬᠦ ᠲᠡᠮᠳᠡᠭᠯᠡᠯ ᠠᠴᠠ ᠦᠵᠡᠪᠡᠯ16 ᠳ᠋ᠤᠭᠠᠷ ᠵᠠᠭᠤᠨ ᠤ ᠦᠶ᠎ᠡ ᠬᠦᠷᠴᠦ ᠢᠷᠡᠭᠡᠳ ᠦᠷᠦᠭᠲᠡᠮᠦᠷ ᠢ ᠳᠠᠭᠠᠵᠤ ᠶᠠᠪᠤᠭᠰᠠᠨ ᠤᠷᠠᠳᠴᠤᠳ ᠨᠢ ᠬᠤᠱᠤᠳ ᠬᠠᠨᠢ ᠨᠣᠶᠠᠨ ᠬᠤᠩᠬᠤᠷ ᠤᠨ ᠣᠳᠬᠤᠨ ᠬᠦᠪᠡᠭᠦᠨ ᠪᠣᠶᠠᠨ ᠤ ᠤᠤᠭᠠᠨ ᠬᠦᠪᠡᠭᠦᠨ ᠲᠣᠭᠤᠯᠠᠩ ᠰᠡᠷᠡᠩ ᠤᠨ ᠬᠠᠷᠢᠶᠠᠨ ᠳᠤ ᠪᠠᠶᠢᠭᠰᠠᠨ ᠪᠠᠶᠢᠵᠠᠢ᠃ ᠰᠡᠭᠦᠯᠡᠷ ᠨᠢ ᠢᠯᠢ ᠭᠤᠣᠯ ᠤᠨ ᠬᠦᠩᠭᠦᠰ ᠭᠡᠮᠡᠬᠦ ᠭᠠᠵᠠᠷ ᠲᠤ ᠨᠣᠲᠤᠭᠯᠠᠵᠤ ᠭᠤᠣᠯᠳᠠᠭᠤ ᠭᠠᠷ ᠦᠢᠯᠡᠳᠪᠦᠷᠢ ᠶᠢᠨ ᠠᠵᠢᠯ ᠢ ᠡᠷᠬᠢᠯᠡᠨ᠂ ᠲᠡᠨᠳᠡᠬᠢ ᠬᠤᠷᠪᠤᠰ ᠭᠡᠬᠦ ᠨᠣᠲᠤᠭ ᠤᠨ ᠬᠦᠮᠦᠰ ᠲᠠᠢ ᠨᠡᠶᠢᠲᠡ 8 ᠮᠢᠩᠭᠠᠨ ᠡᠷᠦᠬᠡ ᠪᠠᠶᠢᠵᠠᠢ᠃ ᠡᠳᠡᠭᠡᠷ ᠤᠷᠠᠳ ᠢ ᠡᠬᠢᠨ ᠳᠤ ᠪᠠᠨ《 ᠤᠷᠠᠨ ᠭᠠᠷ》 ᠭᠡᠵᠦ ᠳᠠᠭᠤᠳᠠᠵᠤ ᠪᠠᠶᠢᠭᠰᠠᠨ ᠢᠶᠠᠨ ᠵᠡᠭᠦᠨᠭᠠᠷ ᠬᠠᠭᠠᠨᠲᠤ ᠤᠯᠤᠰ ᠤᠨ ᠦᠶ᠎ᠡ《 ᠤᠷᠠᠳ》 ᠭᠡᠮᠡᠨ ᠨᠡᠷᠡᠯᠡᠬᠦ ᠪᠣᠯᠪᠠ᠃ ᠤᠷᠠᠳ ᠠᠶᠢᠮᠠᠭ ᠬᠦᠯᠦᠨ ᠪᠣᠶᠢᠷ ᠤᠨ ᠬᠦᠪᠲᠦ ᠨᠠᠢᠮᠠᠨ ᠴᠠᠭᠠᠨ ᠳᠤ ᠨᠣᠲᠤᠭᠰᠢᠵᠤ ᠪᠠᠶᠢᠬᠤ ᠦᠶ᠎ᠡ ᠳᠤ ᠪᠠᠶᠢᠷᠢᠰᠢᠵᠤ ᠨᠤᠲᠤᠭᠰᠢᠭᠰᠠᠨ ᠣᠷᠴᠢᠨ ᠠᠬᠤᠢ ᠪᠠᠷ ᠢᠶᠠᠨ ᠡᠮᠦᠨ᠎ᠡ᠂ ᠬᠤᠶᠢᠲᠤ᠂ ᠳᠣᠮᠳᠠᠳᠤ ᠭᠡᠮᠡᠨ ᠭᠤᠷᠪᠠᠨ ᠰᠠᠯᠠᠭ᠎ᠠ ᠬᠤᠪᠢᠶᠠᠭᠳᠠᠭᠰᠠᠨ ᠪᠠᠶᠢᠨ᠎ᠠ᠃ ᠣᠳᠤᠬᠢ ᠨᠤᠲᠤᠭᠰᠢᠵᠤ ᠪᠠᠶᠢᠬᠤ ᠨᠣᠲᠤᠭ ᠲᠤ ᠢᠷᠡᠭᠡᠳ ᠡᠮᠦᠨ᠎ᠡ᠂ ᠬᠤᠶᠢᠲᠤ᠂ ᠳᠤᠮᠳᠠᠳᠤ ᠭᠡᠮᠡᠨ ᠭᠤᠷᠪᠠᠨ ᠰᠠᠯᠠᠭ᠎ᠠ ᠬᠤᠪᠢᠶᠠᠭᠳᠠᠭᠰᠠᠨ ᠪᠠᠶᠢᠨ᠎ᠠ᠃ ᠣᠳᠣᠬᠢ ᠨᠤᠲᠤᠭᠰᠢᠵᠤ ᠪᠠᠶᠢᠬᠤ ᠨᠣᠲᠤᠭ ᠲᠤ ᠢᠷᠡᠭᠡᠳ ᠡᠮᠦᠨ᠎ᠡ ᠰᠠᠯᠠᠭ᠎ᠠ ᠶᠢ ᠨᠢ《 ᠤᠷᠠᠳ ᠤᠨ ᠪᠠᠷᠠᠭᠤᠨ ᠬᠦᠩ ᠤᠨ ᠬᠤᠰᠢᠭᠤ》᠂ ᠳᠤᠮᠳᠠᠳᠤ ᠰᠠᠯᠠᠭ᠎ᠠ ᠶᠢ ᠨᠢ《 ᠤᠷᠠᠳ ᠤᠨ ᠳᠤᠮᠳᠠᠳᠤ ᠭᠦᠩ ᠤᠨ ᠬᠤᠰᠢᠭᠤ》᠂ ᠬᠤᠶᠢᠲᠤ ᠰᠠᠯᠠᠭ᠎ᠠ ᠶᠢ ᠨᠢ《 ᠤᠷᠠᠳ ᠤᠨ ᠵᠡᠭᠦᠨ ᠭᠦᠩ ᠤᠨ ᠬᠤᠰᠢᠭᠤ》 ᠭᠡᠮᠡᠨ ᠨᠡᠭᠦᠳᠡᠯᠯᠡᠵᠦ ᠢᠷᠡᠭᠰᠡᠨ ᠤ ᠳᠠᠷᠠᠭᠠᠬᠢ ᠭᠠᠵᠠᠷ ᠤᠨ ᠪᠠᠶᠢᠴᠠ ᠪᠠᠷ ᠨᠢ ᠨᠡᠷᠡᠯᠡᠭᠰᠡᠨ ᠪᠢᠯᠡ᠃ ᠤᠷᠠᠳᠴᠤᠳ ᠡᠶᠡᠪᠡᠷ ᠵᠠᠰᠠᠭᠴᠢ ᠶᠢᠨ ᠵᠢᠷᠭᠤᠭᠠᠨ ᠣᠨ ᠳᠤ ᠣᠳᠣᠬᠢ ᠨᠣᠲᠤᠭ ᠲᠤ ᠨᠡᠭᠦᠳᠡᠯᠯᠡᠵᠦ ᠢᠷᠡᠬᠦ ᠦᠶ᠎ᠡ ᠳᠤ1895 ᠡᠷᠦᠬᠡ᠂37 ᠰᠤᠮᠤ ᠬᠦᠮᠦᠨ ᠢᠷᠡᠭᠰᠡᠨ ᠪᠠᠶᠢᠨ᠎ᠠ᠃ ᠲᠡᠳᠡ ᠬᠦᠯᠦᠨ ᠪᠣᠶᠢᠷ ᠤᠨ ᠬᠦᠪᠲᠦ ᠨᠠᠢᠮᠠᠨ ᠴᠠᠭᠠᠨ ᠠᠴᠠ ᠣᠳᠣᠬᠢ ᠨᠣᠲᠤᠭ ᠲᠤ ᠢᠷᠡᠭᠰᠡᠨ ᠤ ᠳᠠᠷᠠᠭ᠎ᠠ ᠮᠣᠨᠠ ᠠᠭᠤᠯᠠ ᠶᠢᠨ ᠦᠪᠦᠷ ᠬᠠᠳᠠᠮᠠᠯ ᠤᠨ ᠭᠤᠣᠯ ᠤᠨ ᠡᠮᠦᠨ᠎ᠡ ᠭᠤᠷᠪᠠᠨ ᠴᠠᠭᠠᠨ ᠮᠣᠩᠭᠤᠯ ᠭᠡᠷ ᠢᠶᠠᠨ ᠪᠣᠰᠬᠠᠨ ᠬᠠᠮᠲᠤ ᠵᠠᠰᠠᠭᠯᠠᠭᠰᠠᠨ ᠪᠠᠶᠢᠨ᠎ᠠ᠃15 ᠳ᠋ᠤᠭᠠᠷ ᠵᠠᠭᠤᠨ ᠪᠣᠯ ᠮᠣᠩᠭᠤᠯ ᠲᠤᠭᠤᠷᠭᠠᠲᠠᠳ ᠤᠨ ᠳᠤᠮᠳᠠ ᠦᠢᠮᠡᠭᠡᠨ ᠶᠡᠭᠡ ᠲᠠᠢ ᠭᠠᠢ ᠭᠠᠮᠰᠢᠭ ᠲᠠᠢ ᠣᠨ ᠵᠢᠯ ᠲᠤᠯᠠ ᠬᠤᠷᠴᠢᠨ ᠤ ᠵᠡᠭᠦᠨ ᠭᠠᠷ ᠤᠨ ᠳᠣᠯᠤᠭᠠᠨ ᠣᠲᠤᠭ ᠲᠤ ᠳᠡᠭᠡᠷ᠎ᠡ ᠪᠠᠨ ᠡᠵᠡᠳ ᠨᠣᠶᠠᠳ ᠬᠠᠮᠢᠶᠠᠷᠠᠬᠤ ᠬᠦᠮᠦᠨ ᠦᠭᠡᠢ᠂ ᠮᠣᠩᠭᠤᠯ ᠤᠨ ᠲᠣᠮᠤ ᠣᠪᠤᠭ ᠤᠭᠰᠠᠭᠠᠲᠠᠳ᠂ ᠵᠢᠱᠢᠶᠡᠯᠡᠪᠡᠯ᠄《 ᠲᠡᠷᠡᠯᠢᠬᠡᠨ ᠮᠣᠩᠭᠤᠯ》 ᠤᠨ ᠬᠠᠷᠠᠨᠤᠳ᠂ ᠬᠡᠭᠡᠷᠡᠨᠤᠳ ᠂᠂᠂᠂ ᠪᠠ《 ᠨᠢᠷᠤᠭᠤᠨ ᠮᠣᠩᠭᠤᠯ》 ᠤᠨ ᠬᠢᠶᠠᠳ᠂  ᠪᠠᠲᠤᠳ ᠭᠡᠬᠦ ᠮᠡᠲᠦ ᠤᠭᠰᠠᠭᠠᠨ ᠤ ᠲᠠᠷᠠᠬᠠᠢ ᠪᠤᠲᠠᠷᠬᠠᠢ ᠵᠢᠵᠢᠭ ᠪᠦᠯᠦᠭ ᠤᠳ ᠲᠤᠩ ᠣᠯᠠᠨ ᠪᠠᠶᠢᠵᠠᠢ᠃ ᠦᠷᠦᠭᠲᠡᠮᠦᠷ ᠢ ᠪᠠᠷᠠᠭᠤᠨᠰᠢ ᠮᠤᠷᠳᠠᠭᠰᠠᠨ ᠤ ᠳᠠᠷᠠᠭ᠎ᠠ ᠬᠤᠷᠴᠢᠨ ᠵᠡᠭᠦᠨ ᠭᠠᠷ ᠤᠨ ᠳᠣᠯᠤᠭᠠᠨ ᠣᠲᠤᠭ ᠲᠠᠬᠢ ᠬᠤᠴᠤᠷᠤᠭᠰᠠᠨ ᠤᠷᠠᠳᠴᠤᠳ ᠮᠣᠩᠭᠤᠯ ᠤᠨ ᠲᠣᠮᠤ ᠤᠭᠰᠠᠭᠠᠲᠠᠳ ᠤᠨ ᠲᠠᠷᠠᠬᠠᠢ ᠪᠤᠲᠠᠷᠬᠠᠢ ᠵᠢᠵᠢᠭ ᠪᠦᠯᠦᠭ ᠤᠳ ᠲᠤ ᠬᠠᠮᠢᠶᠠᠷᠤᠭᠳᠠᠵᠤ᠂ ᠵᠠᠷᠢᠮ ᠤᠷᠠᠳ ᠤᠳ ᠨᠢ ᠡᠵᠡᠨ ᠦᠭᠡᠢ ᠪᠠᠶᠢᠭᠰᠠᠨ ᠪᠠᠶᠢᠳᠠᠯ ᠳᠤᠤᠷ᠎ᠠ ᠬᠠᠪᠤᠲᠦ ᠬᠠᠰᠠᠷ ᠤᠨ ᠠᠷᠪᠠᠨ ᠲᠠᠪᠤᠳᠤᠭᠠᠷ ᠦᠶ᠎ᠡ ᠶᠢᠨ ᠭᠤᠷᠪᠠᠨ ᠭᠡᠵᠢᠭᠡᠲᠦ ᠪᠤᠷᠬᠠᠢ ᠣᠳᠬᠠᠨ ᠲᠡᠳᠡᠨ ᠢ ᠨᠢᠭᠡᠳᠬᠡᠨ ᠨᠣᠶᠠᠯᠠᠵᠤ᠂ ᠤᠷᠠᠳ ᠭᠠᠷᠤᠯᠲᠠᠢ ᠬᠦᠮᠦᠨ ᠳᠡᠶᠢᠯᠦᠩᠬᠡᠢ ᠲᠤᠭ᠎ᠠ ᠶᠢ ᠡᠵᠡᠯᠡᠬᠦ ᠲᠤᠯᠠ ᠡᠨᠡᠬᠦ  ᠣᠲᠤᠭ ᠢᠶᠠᠨ ᠤᠷᠠᠳ ᠭᠡᠮᠡᠨ ᠨᠡᠷᠡᠯᠡᠪᠡ᠃ ᠡᠨᠡ ᠪᠣᠯ ᠳᠠᠷᠤᠢ ᠤᠷᠠᠳ ᠠᠶᠢᠮᠠᠭ ᠤᠨ ᠢᠷᠡᠯᠲᠠ ᠪᠣᠯᠤᠨ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ