【ᠲᠡᠦᠬᠡ ᠰᠤᠶᠤᠯ】ᠤᠷᠠᠳ ᠤᠨ ᠠᠭᠤᠯᠠ ᠤᠰᠤᠨ ᠤ ᠨᠡᠷᠡᠶᠢᠳᠡᠯ ᠲᠠᠢ ᠬᠤᠯᠪᠤᠭᠳᠠᠬᠤ《 ᠬᠠᠰᠠᠷ ᠬᠠᠷᠢᠶᠠᠯᠴᠢ ᠬᠠᠷ᠎ᠠ ᠶᠢ ᠠᠯᠠᠭᠰᠠᠨ ᠳᠣᠮᠤᠭ 》
ᠨᠡᠶᠢᠲᠡᠯᠡᠭᠰᠡᠨ ᠴᠠᠭ᠄
2021/11/26
      ᠡᠷᠲᠡ ᠤᠷᠢᠳᠤ ᠶᠢᠨ ᠴᠠᠭ ᠲᠤ᠂  ᠪᠤᠭᠲᠠ ᠡᠵᠡᠨ ᠴᠢᠩᠭᠢᠰ ᠬᠠᠭᠠᠨ ᠲᠠᠩᠭᠤᠳ ᠤᠯᠤᠰ ᠢ ᠳᠠᠶᠢᠯᠠᠬᠤ ᠪᠠᠷ ᠶᠡᠭᠡ ᠴᠡᠷᠢᠭ ᠳᠠᠶᠢᠴᠢᠯᠠᠨ ᠮᠣᠷᠳᠠᠵᠤ ᠭᠡᠨ᠎ᠡ᠃ ᠲᠡᠷᠡ ᠦᠶ᠎ᠡ ᠳᠤ ᠴᠢᠪ ᠭᠡᠮᠡᠨ ᠵᠤᠨ ᠤ ᠬᠠᠯᠠᠭᠤᠨ ᠴᠠᠭ ᠪᠠᠶᠢᠵᠤᠬᠤᠢ᠃ ᠨᠢᠭᠡᠨ ᠡᠳᠦᠷ ᠡᠵᠡᠨ ᠴᠢᠩᠭᠢᠰ ᠵᠠᠭᠤᠨ ᠲᠦᠰᠢᠮᠡᠯ ᠤᠨ ᠬᠠᠮᠲᠤ ᠮᠤᠨᠠ ᠠᠭᠤᠯᠠ ᠶᠢ ᠡᠵᠡᠯᠡᠨ ᠮᠣᠯᠴᠤᠭ ᠬᠤᠰᠢᠭᠤ ᠪᠠᠷ ᠠᠪᠠ ᠲᠠᠯᠪᠢᠵᠤ ᠶᠠᠪᠤᠲᠠᠯ᠎ᠠ᠂ ᠬᠠᠭᠠᠨ ᠤ ᠡᠮᠦᠨᠡᠭᠦᠷ ᠨᠢᠭᠡᠨ  ᠤᠭᠤᠯᠢ ᠨᠢᠭᠡᠨ  ᠰᠢᠪᠠᠭᠤᠨ ᠭᠢᠳᠠᠭᠢᠨᠠᠨ ᠳᠤᠤᠭᠠᠷᠴᠤ ᠦᠩᠭᠡᠷᠡᠬᠦᠶ᠎ᠡ ᠡᠵᠡᠨ ᠬᠠᠭᠠᠨ ᠤ ᠳᠣᠲᠤᠷ᠎ᠠ‌ᠡᠭᠳᠡᠭᠦᠴᠡᠨ ᠵᠢᠭᠡᠭᠦᠴᠡᠵᠦ ᠬᠠᠵᠠᠭᠤ ᠳᠤᠷ ᠳᠠᠭᠠᠯᠳᠤᠨ ᠪᠦᠬᠦᠢ ᠴᠡᠷᠢᠭ ᠵᠠᠰᠠᠭ ᠤᠨ ᠲᠦᠷᠦᠭᠦᠦ ᠲᠦᠰᠢᠮᠡᠯ ᠳᠡᠭᠦᠦ ᠬᠠᠰᠠᠷ ᠢᠶᠠᠨ《ᠬᠠᠷᠪᠦ》 ᠭᠡᠮᠡᠪᠡᠢ᠃ ᠬᠠᠰᠠᠷ ᠬᠠᠷᠪᠦᠪᠠᠰᠤ ᠬᠠᠵᠠᠭᠤ ᠠᠴᠠ ᠨᠢ ᠨᠢᠭᠡ ᠱᠠᠭᠠᠵᠠᠭᠠᠢ ᠨᠢᠰᠦᠨ ᠭᠠᠷᠴᠦ ᠢᠷᠡᠭᠡᠳ ᠵᠠᠪᠠ ᠳᠤᠷ ᠲᠠᠭᠠᠷᠢᠭᠳᠠᠭᠰᠠᠨ᠎ᠠ᠂ ᠤᠭᠤᠯᠢ ᠠᠮᠢ ᠭᠠᠷᠤᠨ ᠳᠤᠲᠠᠭᠠᠵᠤ ᠬᠠᠷᠢᠭᠤ ᠱᠠᠭᠠᠵᠠᠭᠠᠢ ᠠᠨᠤ ᠦᠭᠦᠵᠦᠭᠦᠢ ᠃ ᠡᠵᠡᠨ ᠴᠢᠩᠭᠢᠰ ᠶᠡᠬᠡᠳᠡ ᠬᠢᠯᠢᠩᠨᠡᠵᠦ  ᠬᠠᠰᠠᠷ ᠢ ᠪᠠᠷᠢᠪᠴᠢᠯᠠᠨ ᠬᠠᠭᠤᠷᠠᠢ ᠬᠤᠳᠳᠤᠭ ᠲᠤ ᠵᠠᠭᠤ ᠬᠤᠨᠤᠭ ᠤᠨ ᠬᠤᠭᠤᠴᠠᠭ᠎ᠠ ᠲᠠᠢ ᠪᠠᠷ  ᠶᠠᠯᠠᠯᠠᠨ ᠳᠠᠷᠤᠵᠤᠬᠤᠢ᠃《 ᠬᠠᠰᠠᠷ ᠤᠨ ᠬᠤᠳᠳᠤᠭ ᠤᠨ ᠣᠷᠤᠮ 》 ᠣᠳᠣ ᠬᠦᠷᠲᠡᠯ᠎ᠡ ᠣᠷᠠᠳ ᠤᠨ ᠡᠮᠦᠨᠡᠲᠦ ᠬᠤᠰᠢᠭᠤᠨ ᠳᠤ ᠪᠠᠶᠢᠬᠤ ᠠᠵᠤᠭᠤ ᠃ ᠰᠢᠷᠦᠢ ᠭᠤᠣᠯ ︵ᠤᠳᠤᠬᠢ ᠬᠠᠳᠤᠨ ᠭᠤᠣᠯ︶ ᠲᠡᠷᠡ ᠦᠶ᠎ᠡ ᠳᠤ ᠮᠤᠨᠠ ᠠᠭᠤᠯᠠ ᠶᠢᠨ ᠮᠤᠯᠴᠤᠭ ᠬᠤᠰᠢᠭᠤ ᠶᠢᠨ ᠬᠤᠯᠠ ᠪᠠᠷᠠᠭᠤᠨ ᠬᠤᠶᠢᠭᠤᠷ ᠤᠷᠤᠰᠴᠦ ᠪᠠᠶᠢᠭᠰᠠᠨ ᠭᠡᠨ᠎ᠡ᠃ ᠤᠷᠤᠰᠬᠠᠯ ᠤᠨ ᠴᠢᠨᠠᠲᠤ ᠬᠦᠪᠡᠭᠡᠨ᠎ᠡ ᠨᠢᠭᠡᠨ ᠬᠠᠷᠢᠶᠠᠯᠴᠢ ᠬᠠᠷ᠎ᠠ ᠰᠠᠭᠤᠨ ᠠᠵᠤ᠂ ᠡᠳᠦᠷ ᠪᠦᠷᠢ ᠰᠢᠷᠤᠢ ᠭᠤᠤᠯ ᠤᠨ ᠤᠰᠤᠨ ᠢ ᠰᠢᠨᠠᠭ᠎ᠠ ᠪᠠᠷ ᠰᠠᠮᠤᠷᠤᠨ᠂ ᠮᠣᠩᠭᠤᠯ ᠴᠡᠷᠢᠭ ᠲᠤ ᠬᠠᠷᠢᠶᠠᠯ ᠬᠢᠭᠰᠡᠨ ᠠᠴᠠ ᠪᠣᠯᠤᠭᠠᠳ ᠶᠡᠭᠡ ᠴᠡᠷᠢᠭ ᠤᠨ ᠳᠤᠲᠤᠷ᠎ᠠ ᠡᠪᠡᠳᠴᠢᠨ ᠲᠠᠬᠤᠯ ᠳᠡᠯᠭᠡᠷᠡᠨ᠂ ᠴᠡᠷᠢᠭ ᠤᠨ ᠰᠡᠳᠭᠢᠯ ᠶᠡᠭᠡᠳᠡ  ᠭᠤᠶᠢᠪᠢᠭᠰᠠᠨ᠎ᠠ᠂ ᠡᠵᠡᠨ ᠴᠢᠩᠭᠢᠰ ᠣᠯᠠᠨ ᠴᠡᠷᠢᠭ ᠢᠶᠠᠷ ᠬᠠᠷᠢᠶᠠᠯᠴᠢ ᠬᠠᠷ᠎ᠠ ᠶᠢ ᠬᠠᠷᠪᠤᠭᠤᠯᠤᠭᠰᠠᠨ ᠪᠠᠶᠢᠵᠠᠢ᠃ ᠴᠡᠷᠢᠭ ᠤᠳ ᠬᠡᠳᠦᠢ ᠴᠢᠨᠡᠭᠡᠨ ᠬᠠᠷᠪᠤᠭᠠᠳ ᠵᠡᠪᠡ ᠢᠨᠤ ᠪᠡᠶ᠎ᠡ ᠳᠤᠷ ᠢᠨᠤ ᠦᠯᠦ ᠨᠡᠪᠲᠡᠷᠡᠬᠦ ᠲᠤᠯᠠᠳᠠ ᠴᠢᠩᠭᠢᠰ ᠬᠠᠭᠠᠨ ᠬᠢᠯᠢᠩᠨᠠᠵᠤ ᠦᠪᠡᠷ ᠤᠨ ᠪᠡᠶ᠎ᠡ ᠪᠠᠷ ᠬᠠᠷᠪᠤᠰᠦᠭᠠᠢ  ᠭᠡᠮᠡᠬᠦᠢ ᠳᠤᠷ  ᠵᠠᠩᠵᠤᠨ ᠲᠦᠰᠢᠮᠡᠳ ᠬᠦᠴᠦᠯᠡᠨ ᠬᠤᠷᠢᠭᠯᠠᠵᠤ᠄《 ᠬᠠᠰᠠᠷ ᠢᠶᠠᠷ ᠬᠠᠷᠪᠤᠭᠤᠯᠪᠠᠰᠤ ᠡᠷᠬᠡ ᠦᠭᠡᠢ ᠪᠦᠲᠦᠮᠵᠢ》 ᠭᠡᠮᠡᠪᠡᠰᠦ ᠴᠢᠩᠭᠢᠰ ᠬᠠᠭᠠᠨ ᠵᠦᠪᠰᠢᠶᠡᠷᠡᠵᠦᠭᠦᠢ᠃      ᠢᠩᠬᠢᠭᠡᠳ ᠬᠠᠰᠠᠷ ᠵᠠᠭᠤᠨ ᠬᠤᠨᠤᠭ ᠤᠨ ᠶᠡᠯ᠎ᠡ ᠳᠠᠭᠠᠨ ᠶᠡᠷᠡᠨ ᠡᠳᠦᠷ ᠳᠡᠭᠡᠷ᠎ᠡ ᠪᠠᠨ ᠬᠤᠳᠳᠤᠭ ᠠᠴᠠ ᠭᠠᠷᠴᠦ ᠢᠷᠡᠨ ᠂ ᠡᠵᠡᠨ ᠤ ᠬᠡᠰᠢᠭ ᠲᠤᠷ ᠮᠦᠷᠬᠦᠵᠦ ᠂ ᠵᠠᠭᠤᠨ ᠬᠠᠷ᠎ᠠ ᠬᠤᠨᠢᠨ ᠤ ᠱᠦᠯᠦ ᠣᠣᠭᠤᠭᠠᠳ ᠲᠠᠮᠢᠷ ᠬᠦᠴᠦ ᠪᠠᠨ   ᠲᠡᠩᠬᠡᠷᠡᠬᠦᠯᠪᠡᠢ᠃ ᠬᠠᠰᠠᠷ ᠮᠤᠨᠠ ᠶᠢᠨ ᠰᠢᠷ᠎ᠠ ᠣᠷᠤᠢ ᠳᠡᠭᠡᠷ᠎ᠡ ᠭᠠᠷᠴᠦ ᠰᠠᠷᠠᠪᠴᠢᠯᠠᠨ ᠦᠵᠡᠵᠦ ᠰᠠᠭᠠᠳᠠᠭ ᠨᠣᠮᠤ ᠪᠠᠨ ᠲᠠᠯᠪᠢᠨ ᠠᠮᠠᠷᠠᠪᠠᠢ᠃ ᠬᠤᠵᠢᠮ ᠨᠢ ᠲᠡᠷᠡ ᠭᠠᠵᠠᠷ ᠢ ᠬᠦᠮᠦᠰ《ᠰᠠᠭᠠᠳᠠᠭ》 ᠭᠡᠮᠡᠨ ᠨᠡᠷᠡᠯᠡᠪᠡᠢ᠃ ᠡᠨᠡ ᠨᠢ ᠣᠳᠣᠬᠢ ᠤᠷᠠᠳ ᠤᠨ ᠡᠮᠦᠨᠡᠲᠦ ᠬᠤᠰᠢᠭᠤᠨ ᠤ ᠰᠠᠭᠠᠳᠠᠭ ᠰᠤᠮᠤ ᠪᠠᠶᠢᠭ᠎ᠠ ᠭᠠᠵᠠᠷ ᠪᠣᠯᠤᠨ᠎ᠠ᠃ ᠬᠠᠰᠠᠷ ᠨᠣᠶᠠᠨ ᠬᠦᠷᠵᠡᠷ ᠤᠨ ᠡᠩ ᠲᠠᠢ ᠨᠣᠮᠤ ᠪᠠᠨ ᠤᠯᠠᠭᠠᠨ ᠤ ᠣᠷᠤᠢ ᠶᠢᠨ ᠱᠤᠷᠤᠩ ᠬᠠᠳᠠᠨ ᠠᠴᠠ ᠡᠯᠭᠦᠵᠦ᠂ ᠶᠡᠭᠡ ᠲᠠᠯᠢᠯᠲᠠ ᠳᠤ ᠪᠡᠯᠡᠳᠬᠡᠭᠰᠡᠨ ᠰᠤᠮᠤ ᠪᠠᠨ ᠤᠯᠠᠭᠠᠨ ᠤ ᠣᠷᠤᠢ ᠶᠢᠨ  ᠲᠡᠭᠰᠢᠬᠡᠨ ᠴᠢᠯᠠᠭᠤᠨ ᠳᠤ ᠬᠠᠳᠬᠤᠨ ᠲᠠᠯᠪᠢᠪᠠ᠃ ᠬᠠᠰᠠᠷ  ᠨᠢᠭᠡ ᠬᠦᠯ ᠢᠶᠠᠨ ᠣᠯᠠᠭᠠᠨ ᠤ ᠣᠷᠤᠢ ᠳᠤ ᠲᠠᠯᠪᠢᠵᠦ᠂ ᠨᠦᠭᠦᠭᠡ ᠬᠦᠯ ᠢᠶᠠᠨ ᠴᠢᠨᠡᠲᠦ ᠶᠢᠨ ᠬᠠᠷ᠎ᠠ ᠣᠷᠤᠢ ᠳᠤ ᠲᠠᠯᠪᠢᠭᠠᠳ ᠦᠷᠯᠦᠭᠡ ᠶᠢᠨ ᠮᠠᠨᠳᠤᠬᠤ ᠨᠠᠷᠠᠨ᠎ᠠ ᠨᠣᠮᠤ ᠪᠠᠨ ᠲᠡᠯᠢᠵᠦ᠂ ᠦᠳᠡᠰᠢ ᠶᠢᠨ ᠰᠢᠩᠭᠢᠬᠦ ᠨᠠᠷᠠᠨ ᠢᠶᠠᠷ ᠰᠤᠮᠤ ᠬᠠᠷᠪᠤᠭᠰᠠᠨ᠎ᠠ᠂ ᠬᠠᠰᠠᠷ ᠤᠨ ᠰᠤᠮᠤ ᠬᠠᠷᠢᠶᠠᠯᠴᠢ ᠬᠠᠷ᠎ᠠ ᠶᠢᠨ ᠡᠪᠴᠢᠭᠦᠨ᠎ᠡ ᠰᠢᠭᠠᠵᠤ ᠂ ᠤᠯᠠᠭᠠᠨ ᠴᠢᠰᠤᠨ ᠤᠷᠤᠰᠴᠤ ᠠᠷᠤᠨᠰᠢ ᠪᠠᠨ ᠤᠨᠠᠭᠤᠶ᠎ᠠ ᠴᠢᠰᠤᠨ ᠢᠨᠤ ᠰᠢᠷᠤᠢ ᠭᠤᠤᠯ ᠢ ᠪᠣᠯᠩᠬᠢᠷᠳᠠᠭᠤᠯᠤᠨ ᠤᠯᠠᠭᠠᠨ ᠦᠩᠭᠡ ᠲᠠᠢ ᠪᠣᠯᠭᠠᠵᠤᠬᠤᠢ᠃ ᠡᠶᠢᠨ ᠬᠦ ᠬᠤᠵᠢᠮ ᠤᠨ ᠬᠦᠮᠦᠰ ᠬᠠᠲᠤᠨ ᠭᠤᠤᠯ  ᠢ ᠪᠠᠰᠠ《 ᠤᠯᠠᠭᠠᠨ ᠬᠠᠲᠤᠨ》 ᠭᠡᠮᠡᠨ ᠳᠠᠭᠤᠳᠠᠳᠠᠭ ᠪᠤᠯᠵᠤᠬᠤᠢ᠃ ᠬᠠᠷᠢᠶᠠᠯᠴᠢ ᠬᠠᠷ᠎ᠠ ᠪᠣᠰᠬᠤ ᠭᠡᠮᠡᠨ ᠲᠡᠯᠴᠢᠯᠡᠭᠰᠡᠨ ᠪᠣᠯᠪᠠᠴᠦ ᠡᠰᠡ ᠴᠢᠳᠡᠵᠦ ᠬᠠᠵᠠᠭᠤᠳᠠᠬᠢ ᠬᠠᠮᠬᠤᠣᠯ ᠠᠴᠠ ᠴᠢᠩᠭᠠᠭᠠᠨ ᠪᠣᠰᠲᠠᠯ᠎ᠠ ᠬᠠᠮᠬᠤᠣᠯ ᠠᠨᠤ ᠦᠨᠳᠦᠰᠦ ᠪᠠᠷ ᠢᠶᠠᠨ ᠡᠷᠬᠢᠭᠰᠡᠨ᠎ᠡ᠂《 ᠤᠷᠭᠤᠬᠤ ᠪᠠᠷ ᠢᠶᠠᠨ ᠤᠷᠭᠤ᠂ ᠤᠭ ᠢᠶᠠᠷ ᠢᠶᠠᠨ ᠡᠷᠭᠢ︕》 ᠭᠡᠮᠡᠨ ᠬᠠᠷᠢᠶᠠᠵᠤᠬᠤᠢ᠃ ᠬᠠᠮᠬᠤᠤᠯ ᠦᠨᠳᠦᠰᠦ ᠪᠠᠷ ᠢᠶᠠᠨ ᠲᠠᠰᠤᠷᠠᠳᠠᠭ ᠤᠨ ᠤᠴᠢᠷ ᠡᠨᠡ ᠠᠵᠤᠭᠤ ᠃ ᠲᠡᠷᠭᠡᠳᠡ ᠨᠢ ᠪᠠᠶᠢᠭᠰᠠᠨ ᠯᠠᠭᠤᠰᠠ ᠠᠴᠠ ᠲᠠᠲᠠᠨ ᠪᠣᠰᠲᠠᠯ᠎ᠠ ᠂ ᠯᠠᠭᠤᠰᠠ ᠠᠨᠤ ᠦᠷᠭᠦᠵᠦ ᠪᠠᠷᠢᠭᠳᠠᠭᠰᠠᠨ ᠦᠭᠡᠢ ᠳᠤ《 ᠲᠦᠷᠦᠬᠦ ᠪᠠᠷ ᠢᠶᠠᠨ ᠲᠦᠷᠦᠲᠦᠭᠡᠢ᠂ ᠲᠦᠷᠦᠯ ᠤᠭᠰᠠᠭ᠎ᠠ ᠨᠢ ᠲᠠᠰᠤᠷᠠᠲᠤᠭᠠᠢ︕》 ᠭᠡᠮᠡᠨ ᠬᠠᠷᠢᠶᠠᠭᠰᠠᠨ᠎ᠠ᠂ ᠯᠠᠭᠤᠰᠠ ᠲᠦᠷᠦᠬᠦ ᠪᠠᠨ ᠪᠠᠶᠢᠵᠤᠬᠤᠢ ᠃ ᠬᠠᠷᠢᠶᠠᠯᠴᠢ ᠬᠠᠷ᠎ᠠ ᠭᠠᠷ ᠲᠠᠬᠢ ᠰᠢᠨᠠᠭ᠎ᠠ ᠪᠠᠨ ᠠᠷᠠᠰᠢ ᠰᠢᠳᠡᠨ ᠶᠠᠪᠤᠭᠤᠯᠤᠭᠰᠠᠨ ᠳᠤ ᠰᠢᠨᠠᠭ᠎ᠠ ᠨᠢ ᠠᠷᠦ ᠶᠢᠨ ᠠᠭᠤᠯᠠᠨ᠎ᠠ ᠲᠤᠰᠬᠤᠶ᠎ᠠ ᠲᠡᠷᠡ ᠠᠭᠤᠯᠠ ᠶᠢ ᠣᠳᠣ ᠬᠦᠷᠲᠡᠯ᠎ᠡ《 ᠰᠢᠨᠠᠭ᠎ᠠ ᠶᠢᠨ ᠠᠭᠤᠯᠠ》 ᠭᠡᠮᠡᠨ ᠨᠡᠷᠡᠶᠢᠳᠴᠦ ᠪᠤᠢ᠃ ᠰᠢᠨᠠᠭᠠᠨ ᠤ ᠤᠰᠤ ᠠᠨᠤ ᠡᠮᠦᠨᠡᠰᠢ ᠰᠠᠴᠤᠭᠳᠠᠨ᠎ᠠ ᠮᠣᠯᠴᠤᠭ ᠬᠤᠰᠢᠭᠤ ᠶᠢᠨ ᠡᠮᠦᠨᠡᠭᠦᠷ ᠤᠷᠤᠰᠬᠤ ᠬᠠᠲᠤᠨ ᠭᠤᠣᠯ ᠤᠨ ᠲᠡᠷᠡ ᠬᠡᠰᠡᠭ ᠤᠨ ᠮᠣᠷᠤᠢ ᠰᠢᠷᠤᠢ ᠠᠨᠤ ᠠᠯᠢ ᠴᠦ ᠭᠠᠵᠠᠷ ᠠᠴᠠ ᠠᠷᠪᠢᠨ ᠪᠣᠯᠤᠭᠰᠠᠨ ᠭᠡᠳᠡᠭ᠃ ᠬᠠᠷᠢᠶᠠᠯᠴᠢ ᠬᠠᠷ᠎ᠠ ᠪᠠᠰᠠ‌ᠠᠷᠭ᠎ᠠ ᠶᠠᠳᠠᠬᠤ ᠳᠠᠭᠠᠨ ᠱᠦᠯᠦ ᠪᠠᠨ ᠣᠣᠭᠤᠯᠭᠠᠭᠰᠠᠨ ᠬᠠᠷ᠎ᠠ ᠬᠤᠨᠢ ᠶᠢ《 ᠬᠠᠷᠠᠯᠠᠬᠤ ᠪᠠᠷ ᠢᠶᠠᠨ  ᠬᠠᠷᠠᠯᠠ᠂ ᠵᠠᠭᠤ ᠪᠢᠲᠡᠭᠡᠢ ᠬᠦᠷ︕》 ᠭᠡᠮᠡᠨ ᠬᠠᠷᠢᠶᠠᠭᠰᠠᠨ᠎ᠠ᠂ ᠬᠤᠵᠢᠮ ᠬᠤᠶᠢᠨ᠎ᠠ ᠬᠤᠨᠢᠨ ᠰᠦᠷᠦᠭ ᠲᠤ ᠵᠠᠭᠤᠨ ᠬᠠᠷ᠎ᠠ  ᠬᠤᠨᠢ ᠶᠡᠷᠦ ᠠᠴᠠ ᠪᠦᠷᠢᠯᠳᠦᠳᠡᠭ ᠦᠭᠡᠢ ᠪᠤᠶᠦ ᠡᠰᠡᠬᠦᠯ᠎ᠡ ᠲᠠᠰᠤ ᠬᠠᠷ᠎ᠠ ᠬᠤᠨᠢ ᠣᠯᠳᠠᠬᠤ ᠦᠭᠡᠢ ᠪᠣᠯᠵᠤ ᠭᠡᠨ᠎ᠡ᠃ ᠬᠠᠷᠢᠶᠠᠯᠴᠢ ᠬᠠᠷ᠎ᠠ ᠬᠠᠰᠠᠷ ᠲᠤ ᠬᠤᠷᠤᠰᠬᠤ ᠳᠠᠭᠠᠨ《 ᠬᠠᠰᠠᠷ ᠤᠨ ᠦᠨᠳᠦᠰᠦ ᠦᠨᠳᠦᠰᠦ ····》 ᠭᠡᠭᠰᠡᠭᠡᠷ ᠪᠠᠶᠢᠵᠦ ᠦᠬᠦᠵᠦᠬᠦᠢ ᠃ ᠡᠭᠦᠨ ᠠᠴᠠ ᠪᠤᠯᠵᠦ ᠬᠠᠰᠠᠷ ᠤᠨ ᠦᠨᠳᠦᠰᠦ ᠤᠭᠰᠠᠭ᠎ᠠ ᠦᠷ᠎ᠡ ᠬᠤᠶᠢᠴᠢᠰ ᠨᠢ ᠣᠯᠠᠨ ᠢᠶᠠᠷ ᠦᠷᠡᠵᠢᠨ ᠣᠯᠠᠰᠢᠷᠠᠪᠠ ᠭᠡᠳᠡᠭ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ