【ᠲᠡᠦᠬᠡ ᠰᠤᠶᠤᠯ】《ᠬᠠᠰᠠᠷ ᠪᠤᠭᠳᠠ》 ᠶᠢᠨ ᠮᠤᠨᠠ ᠶᠢᠨ ᠬᠤᠱᠤᠤ ᠳᠠᠬᠢ ᠬᠠᠭᠤᠷᠠᠢ ᠬᠤᠳᠳᠤᠭ
ᠨᠡᠶᠢᠲᠡᠯᠡᠭᠰᠡᠨ ᠴᠠᠭ᠄
2021/11/26
      ᠮᠣᠩᠭᠤᠯ ᠬᠠᠭᠠᠨᠲᠤ ᠤᠯᠤᠰ ᠪᠠᠶᠢᠭᠤᠯᠤᠭᠳᠠᠭᠰᠠᠨ ᠤ ᠳᠠᠷᠠᠭ᠎ᠠ ᠴᠢᠩᠭᠢᠰ ᠬᠠᠭᠠᠨ ᠲᠠᠩᠭᠤᠳ ᠤᠯᠤᠰ ᠢ ᠳᠠᠶᠢᠯᠠᠬᠤ ᠪᠠᠷ ᠮᠣᠷᠳᠠᠬᠤ ᠳᠤ ᠪᠠᠨ ᠲᠡᠮᠦᠷ ᠬᠠᠭᠠᠯᠭᠠᠨ ᠳᠤ ᠬᠦᠷᠴᠦ ᠬᠢᠶᠤᠤ ᠲᠤᠸᠠᠨ ᠭᠡᠬᠦ ᠠᠮᠢᠲᠠᠨ ᠤ ᠴᠡᠷᠢᠭ ᠮᠣᠷᠳᠠᠭᠰᠠᠨ ᠶᠠᠪᠤᠳᠠᠯ ᠢ ᠬᠤᠷᠢᠭᠯᠠᠭᠰᠠᠨ ᠲᠣᠬᠠᠢ ᠬᠠᠰᠠᠷ ᠪᠣᠯᠤᠨ ᠶᠢᠯᠦᠢ ᠴᠦᠽᠠᠢ ᠶᠡᠭᠡ ᠮᠠᠷᠭᠤᠭᠠᠨ ᠪᠣᠯᠵᠤ᠂ ᠴᠢᠩᠭᠢᠰ ᠬᠠᠭᠠᠨ ᠶᠢᠯᠦᠢ ᠴᠦᠽᠠᠢ ᠶᠢ《 ᠶᠡᠭᠡ ᠮᠡᠷᠭᠡᠨ》 ᠭᠡᠵᠦ ᠢᠲᠡᠭᠡᠳᠡᠭ ᠲᠤᠯᠠ ᠬᠠᠰᠠᠷ ᠤᠨ ᠣᠪᠤᠷ ᠢ ᠪᠤᠷᠤᠭᠤ ᠭᠡᠵᠦ ᠪᠤᠷᠤᠭᠤᠰᠢᠶᠠᠨ ᠳᠣᠩᠭᠤᠳᠪᠠ᠃ ᠲᠡᠭᠡᠭᠡᠳ ᠮᠣᠩᠭᠤᠯ ᠤᠨ ᠴᠡᠷᠢᠭ ᠮᠤᠨᠠ ᠶᠢᠨ ᠬᠤᠱᠤᠤ ᠳᠤ ᠪᠠᠭᠤᠭᠰᠠᠨ ᠳᠤ ᠨᠢᠭᠡᠨ ᠤᠭᠤᠯᠢ ᠡᠳᠦᠷ ᠢᠶᠠᠷ ᠪᠠᠷᠬᠢᠷᠠᠵᠤ ᠰᠠᠭᠤᠬᠤ ᠳᠤ᠂ ᠴᠢᠩᠭᠢᠰ ᠬᠠᠭᠠᠨ ᠰᠠᠵᠢᠭ ᠲᠦᠷᠢᠵᠤ᠂ ᠬᠠᠰᠠᠷ ᠲᠤ ᠵᠠᠷᠯᠢᠭ ᠪᠠᠭᠤᠯᠭᠠᠨ《 ᠬᠠᠷᠪᠤ 》ᠭᠡᠰᠡᠨ ᠳᠤ ᠬᠠᠰᠠᠷ ᠬᠠᠷᠪᠤᠭᠠᠳ ᠣᠨᠤᠭᠰᠠᠨ ᠨᠢ ᠤᠭᠤᠯᠢ ᠪᠢᠰᠢ᠂ ᠬᠠᠷᠢᠨ ᠱᠠᠭᠠᠵᠠᠭᠠᠢ ᠳᠠᠭᠠᠷᠢᠭᠳᠠᠭᠰᠠᠨ ᠪᠠᠶᠢᠵᠠᠢ᠃ ᠡᠭᠦᠨ ᠳᠤ ᠴᠢᠩᠭᠢᠰ ᠬᠠᠭᠠᠨ ᠶᠡᠬᠡᠳᠡ ᠬᠢᠯᠢᠩᠨᠡᠵᠦ᠂ ᠳᠣᠣᠷ᠎ᠠ ᠨᠢ ᠵᠠᠷᠯᠢᠭ ᠪᠠᠭᠤᠯᠭᠠᠨ ᠭᠢᠨᠵᠢ ᠳᠦᠩᠬᠡ ᠵᠡᠭᠦᠯᠭᠡᠨ᠂ ᠪᠡᠯᠭᠡ ᠳᠡᠮᠪᠢᠷᠠᠯ ᠤᠨ ᠰᠢᠨᠵᠢ ᠶᠢ ᠡᠪᠳᠡᠯᠡᠭᠴᠢ ᠭᠡᠮᠡᠨ ᠂ ᠣᠳᠣ ᠶᠢᠨ ᠬᠦᠪ ᠤᠨ ᠠᠷᠤ ᠪᠣᠯᠬᠤ ᠬᠤᠶᠠᠷ ᠮᠣᠯᠴᠤᠭ ᠤᠨ ᠬᠤᠭᠤᠷᠤᠨᠳᠤ ᠨᠢᠭᠡᠨ ᠬᠤᠷᠢᠨ ᠬᠡᠳᠦᠨ ᠳᠦᠷᠪᠡᠯᠵᠢᠨ ᠮᠧᠲᠷ ᠤᠨ ᠬᠠᠭᠤᠷᠠᠢ ᠬᠤᠳᠳᠤᠭ ᠮᠠᠯᠲᠠᠵᠤ ᠬᠤᠷᠢᠵᠤ ᠲᠠᠯᠪᠢᠭᠠᠳ᠂18 ᠬᠦᠮᠦᠨ ᠢᠶᠠᠷ ᠰᠠᠬᠢᠨ ᠮᠠᠨᠠᠭᠤᠯᠵᠤ᠂ ᠡᠳᠦᠷ ᠪᠦᠷᠢ ᠠᠩ ᠭᠦᠷᠦᠭᠡᠨ ᠤ ᠮᠢᠬ᠎ᠠ ᠶᠢ ᠴᠣᠬᠢᠨ ᠦᠭᠴᠦ᠂ ᠠᠮᠢ ᠵᠠᠯᠭᠠᠭᠤᠯᠤᠨ ᠪᠠᠶᠢᠵᠤ ᠵᠠᠭᠤᠨ ᠬᠤᠨᠤᠭ ᠪᠣᠯᠵᠠᠢ᠃1225 ᠣᠨ ᠳᠤ ᠴᠢᠩᠭᠢᠰ ᠬᠠᠭᠠᠨ ᠴᠡᠷᠢᠭ ᠳᠠᠶᠢᠴᠢᠯᠠᠨ ᠪᠠᠷᠠᠭᠤᠨᠰᠢ ᠬᠠᠷ᠎ᠠ  ᠬᠢᠲᠠᠨ ᠰᠠᠷᠲᠠᠭᠤᠯ ᠣᠯᠣᠰ ᠢ ᠳᠠᠶᠢᠴᠢᠯᠠᠬᠤ ᠳᠤ ᠤᠷᠢᠳ ᠡᠮᠦᠨ᠎ᠡ ᠭᠠᠷᠤᠭ᠎ᠠ ᠦᠭᠡᠢ ᠶᠡᠭᠡ ᠬᠤᠬᠢᠷᠠᠯ ᠳᠤ ᠤᠴᠠᠷᠠᠵᠤ᠂ ᠶᠠᠭᠠᠬᠢᠭᠰᠠᠨ ᠴᠦ ᠢᠯᠠᠯᠲᠠ ᠣᠯᠵᠤ  ᠴᠢᠳᠠᠬᠤ ᠦᠭᠡᠢ ᠪᠣᠯᠬᠤ ᠳᠤ ᠪᠠᠨ ᠵᠠᠶᠠᠭ᠎ᠠ ᠪᠣᠳᠤᠭᠴᠢ ᠪᠠᠷ ᠲᠦᠯᠦᠭᠡᠳᠡᠭᠦᠯᠵᠦ ᠦᠵᠡᠭᠦᠯᠦᠭᠰᠡᠨ ᠳᠤ᠂〈 ᠳᠡᠭᠦᠦ ᠬᠠᠰᠠᠷ ᠴᠢᠨᠢ ᠳᠠᠶᠢᠨ ᠤ ᠡᠮᠦᠨ᠎ᠡ ᠶᠠᠪᠤᠬᠤ ᠦᠭᠡᠢ ᠪᠣᠯ ᠢᠯᠠᠯᠲᠠ ᠣᠯᠵᠤ ᠳᠡᠶᠢᠯᠬᠦ ᠦᠭᠡᠢ〉 ᠭᠡᠵᠡᠢ᠃ ᠭᠡᠳᠡᠯ᠎ᠡ ᠲᠠᠩᠭᠤᠳ ᠤᠨ ᠨᠢᠭᠡᠨ ᠬᠠᠷᠢᠶᠠᠯᠴᠢ ᠬᠠᠷ᠎ᠠ ᠡᠮᠡᠭᠡᠨ ᠭᠡᠭᠴᠢ ᠪᠠᠰᠠ ᠨᠢᠭᠡᠨ ᠪᠣᠷᠬᠠᠨ ᠤ ᠪᠦᠷᠢᠯᠸ᠎ᠠ ᠲᠠᠢ ᠬᠦᠮᠦᠨ᠂ ᠣᠳᠣᠬᠢ ᠶᠢᠨ ᠬᠠᠲᠤᠨ ᠭᠤᠣᠯ ᠤᠨ ᠬᠤᠶᠢᠲᠤ ᠬᠦᠪᠡᠭᠡᠨ ᠤ ᠣᠷᠴᠢᠮ᠂ ᠮᠤᠨᠠ ᠬᠤᠱᠤᠤ ᠤᠨ ᠡᠮᠦᠨ᠎ᠡ ᠪᠡᠶ᠎ᠡ ᠪᠠᠷ ᠠᠮᠢᠳᠤᠷᠠᠵᠤ ᠪᠠᠶᠢᠭᠰᠠᠨ ᠢᠶᠠᠷ᠂ ᠮᠣᠩᠭᠤᠯ ᠤᠨ ᠴᠡᠷᠢᠭ ᠲᠤ ᠬᠠᠷᠢᠶᠠᠯ  ᠲᠤᠰᠬᠠᠭᠰᠠᠨ ᠠᠴᠠ ᠬᠦᠴᠢᠷᠬᠦ ᠬᠦᠮᠦᠨ ᠦᠭᠡᠢ ᠪᠠᠶᠢᠳᠠᠯ ᠳᠣᠣᠷ᠎ᠠ ᠲᠦᠯᠡᠭᠴᠢ ᠠᠴᠠ〈 ᠬᠠᠰᠠᠷ ᠯᠠ ᠬᠦᠴᠦᠷᠡᠨ᠎ᠡ〉 ᠭᠡᠵᠡᠢ᠃ ᠴᠢᠩᠭᠢᠰ ᠬᠠᠭᠠᠨ ᠡᠨᠡ ᠦᠶ᠎ᠡ ᠳᠤ ᠳᠣᠣᠷ᠎ᠠ ᠨᠢ ᠬᠠᠰᠠᠷ ᠢ ᠴᠢᠯᠦᠭᠡᠯᠡᠵᠦ ᠵᠠᠷᠯᠢᠭ ᠪᠣᠯᠪᠠ᠃ ᠬᠠᠰᠠᠷ ᠪᠡᠶ᠎ᠡ ᠵᠣᠭᠤᠭ ᠲᠠᠢ ᠪᠠᠶᠢᠭᠰᠠᠨ ᠢᠶᠠᠷ ᠢᠶᠠᠨ〈 ᠨᠠᠳᠠ ᠳᠤ ᠵᠠᠭᠤᠨ ᠬᠠᠷ᠎ᠠ ᠬᠤᠨᠢ ᠪᠡᠯᠡᠳᠬᠡᠵᠦ᠂ ᠨᠢᠭᠡ ᠡᠳᠦᠷ ᠨᠢᠭᠡ ᠬᠤᠨᠢᠨ ᠤ ᠮᠢᠬᠠᠨ ᠱᠦᠯᠦ ᠢᠳᠡᠵᠦ ᠣᠣᠭᠤᠭᠠᠳ᠂ ᠵᠠᠭᠤᠨ ᠬᠤᠨᠤᠭ ᠪᠡᠶ᠎ᠡ ᠪᠠᠨ ᠰᠣᠪᠢᠯᠠᠵᠤ ᠲᠠᠮᠢᠷ ᠲᠡᠩᠬᠡᠭᠡ ᠲᠠᠢ ᠪᠣᠯᠴᠢᠬᠠᠪᠠᠯ ᠠᠷᠭᠠᠴᠠᠭᠠᠶ᠎ᠠ〉 ᠭᠡᠵᠡᠢ᠃ᠡᠶᠢᠨᠬᠦ ᠬᠠᠰᠠᠷ ᠣᠳᠣ ᠶᠢᠨ ᠮᠢᠩᠭᠠᠨ ᠤ ᠠᠭᠤᠶᠢᠲᠤ ᠶᠢᠨ ᠠᠭᠤᠯᠠᠨ ᠳᠤ ᠰᠠᠭᠤᠵᠤ᠂ ᠡᠳᠦᠷ ᠪᠦᠷᠢ ᠬᠠᠷ᠎ᠠ ᠬᠤᠨᠢᠨ ᠤ ᠮᠢᠬᠠᠨ ᠱᠦᠯᠦ ᠢᠳᠡᠵᠦ ᠲᠠᠮᠢᠷ ᠢᠶᠠᠨ ᠪᠣᠯᠪᠠᠰᠤᠷᠠᠬᠤ ᠳᠤ ᠪᠠᠨ ᠣᠳᠣ ᠶᠢᠨ ᠰᠠᠭᠠᠳᠠᠭ  ᠰᠤᠮᠤᠨ ᠤ ᠤᠯᠠᠭᠠᠨ ᠤ ᠣᠷᠤᠢ ᠠᠴᠠ ᠵᠦᠩ ᠪᠦᠷᠢ ᠨᠣᠮᠤ ᠰᠤᠮᠤ ᠬᠠᠷᠪᠤᠵᠤ ᠪᠣᠯᠪᠠᠰᠤᠷᠠᠯ ᠬᠢᠵᠦ ᠪᠠᠶᠢᠵᠠᠢ᠃ ᠨᠣᠮᠤ ᠰᠤᠮᠤᠨ ᠤ ᠬᠠᠷᠪᠤᠭᠰᠠᠨ ᠬᠠᠳᠠ ᠴᠢᠯᠠᠭᠠᠤᠨ ᠤ ᠣᠷᠤ ᠮᠦᠷ ᠬᠤᠶᠠᠷ ᠭᠠᠵᠠᠷ ᠪᠠᠶᠢᠵᠠᠢ᠃      ᠬᠠᠰᠠᠷ  ᠪᠤᠭᠳᠠ᠂  ᠵᠠᠭᠤᠨ ᠬᠤᠨᠤᠭ ᠤᠨ ᠪᠣᠯᠪᠠᠰᠤᠷᠠᠯᠲᠠ ᠪᠠᠷ ᠲᠠᠮᠢᠷ ᠲᠡᠩᠬᠡᠭᠡ ᠲᠠᠢ ᠪᠣᠯᠵᠤ᠂ ᠬᠠᠷᠢᠶᠠᠯᠴᠢ ᠬᠠᠷ᠎ᠠ ᠡᠮᠡᠭᠡᠨ ᠤ ᠬᠤᠳᠳᠤᠭ ᠳᠡᠭᠡᠷ᠎ᠡ ᠤᠰᠤ ᠬᠤᠳᠬᠤᠬᠤ ᠵᠠᠪᠰᠢᠶᠠᠨ ᠢ ᠳᠠᠯᠢᠮᠳᠠᠭᠤᠯᠵᠤ᠂ ᠨᠢᠭᠡ ᠯᠡ ᠬᠠᠷᠪᠤᠭᠠᠳ ᠣᠨᠤᠬᠤ ᠵᠠᠭᠤᠷ᠎ᠠ ᠬᠠᠷ᠎ᠠ ᠡᠮᠡᠭᠡᠨ᠄ ᠢᠯᠠᠢ ᠬᠠᠯᠠᠬᠠᠢ︕ ᠭᠡᠵᠦ ᠬᠠᠮᠬᠤᠰ ᠠᠴᠠ ᠰᠢᠭᠦᠷᠳᠡᠨ ᠠᠪᠬᠤ  ᠳᠠᠭᠠᠤ ᠭᠠᠷ ᠨᠢ  ᠰᠢᠪᠲᠤᠷᠴᠦ ᠬᠠᠵᠠᠭᠤ  ᠲᠡᠰᠢ ᠪᠠᠨ ᠤᠨᠤᠬᠤ ᠳᠤ ᠪᠠᠨ ᠬᠠᠷ᠎ᠠ ᠬᠠᠷᠢᠶᠠᠯ ᠢᠶᠠᠨ ᠲᠠᠯᠪᠢᠵᠤ  ᠬᠠᠮᠬᠤᠰ ᠢ᠄〈 ᠤᠷᠭᠤᠬᠤ ᠪᠠᠷ ᠢᠶᠠᠨ  ᠤᠷᠭ᠎ᠠ᠂ ᠦᠨᠳᠦᠰᠦ ᠪᠠᠷ ᠢᠶᠠᠨ ᠡᠷᠭᠢ᠂ ᠬᠠᠷ᠎ᠠ ᠬᠤᠨᠢ ᠬᠤᠲᠤᠨ ᠳᠤ ᠰᠦᠷᠦᠭ ᠪᠣᠯᠬᠤ ᠦᠭᠡᠢ〉 ᠭᠡᠳ ᠠᠮᠢ  ᠵᠠᠯᠠᠷᠠᠪᠠ᠃ ᠭᠠᠷ ᠲᠤᠨᠢ ᠪᠠᠶᠢᠭᠰᠠᠨ ᠰᠢᠨᠠᠭ᠎ᠠ ᠨᠢ ᠦᠰᠦᠷᠦᠭᠡᠳ ᠣᠳᠤ ᠶᠢᠨ ᠰᠢᠨᠠᠭ᠎ᠠ ᠶᠢᠨ ᠠᠭᠤᠯᠠ ᠪᠣᠯᠤᠨ ᠪᠦᠷᠢᠳᠦᠵᠦ᠂ ᠳᠣᠲᠤᠷ᠎ᠠ ᠨᠢ ᠪᠠᠶᠢᠭᠰᠠᠨ  ᠤᠰᠤ ᠨᠢ  ᠣᠳᠤ ᠶᠢᠨ ᠤᠯᠢᠶᠠᠰᠤ ᠨᠠᠭᠤᠷ ᠪᠤᠯᠤᠨ  ᠬᠤᠪᠢᠷᠠᠵᠤ᠂ ᠬᠠᠰᠠᠷ ᠤᠨ ᠰᠠᠭᠠᠳᠠᠭ ᠨᠢ ᠣᠳᠤ ᠶᠢᠨ ᠤᠷᠠᠳ ᠤᠨ ᠡᠮᠦᠨᠡᠲᠦ ᠬᠤᠰᠢᠭᠤᠨ ᠤ ᠰᠠᠭᠠᠳᠠᠭ ᠭᠡᠬᠦ ᠭᠠᠵᠠᠷ ᠲᠤ ᠬᠦᠷᠦᠭᠰᠡᠨ ᠠᠴᠠ ᠰᠠᠭᠠᠳᠠᠭ ᠭᠡᠮᠡᠨ ᠨᠡᠷᠡᠯᠡᠭᠳᠡᠪᠡ  ᠭᠡᠪᠡ᠃ ᠬᠠᠷ᠎ᠠ ᠡᠮᠡᠭᠡᠨ ᠵᠠᠯᠠᠷᠠᠭᠰᠠᠨ ᠠᠴᠠ ᠬᠠᠰᠠᠷ ᠴᠡᠷᠢᠭ ᠳᠠᠶᠢᠴᠢᠯᠠᠵᠤ ᠰᠠᠷᠲᠠᠭᠤᠯ ᠤᠯᠤᠰ ᠢ ᠪᠠᠶᠢᠯᠳᠤᠨ ᠳᠡᠶᠢᠯᠦᠭᠡᠳ᠂ ᠮᠣᠩᠭᠤᠯ ᠤᠨ ᠲᠡᠦᠬᠡᠨ ᠢ ᠪᠠᠰᠠ ᠨᠢᠭᠡᠨ ᠤᠳᠠᠭ᠎ᠠ ᠪᠠᠯᠠᠷᠠᠰᠢ ᠦᠭᠡᠢ ᠭᠠᠪᠢᠶ᠎ᠠ ᠪᠠᠶᠢᠭᠤᠯᠤᠭᠰᠠᠨ ᠪᠠᠶᠢᠨ᠎ᠠ᠃ ᠡᠨᠡᠬᠦ ᠳᠣᠮᠤᠭ ᠨᠢ ᠠᠷᠠᠳ ᠤᠨ ᠳᠣᠮᠳᠠ ᠤᠯᠠᠮᠵᠢᠯᠠᠭᠳᠠᠨ ᠣᠳᠣ ᠪᠣᠯᠲᠠᠯ᠎ᠠ ᠬᠡᠯᠡᠯᠴᠡᠭᠰᠡᠭᠡᠷ ᠪᠦᠭᠡᠳ ᠲᠡᠷᠡᠬᠦ ᠬᠠᠰᠠᠷ ᠢ ᠬᠤᠷᠢᠵᠤ ᠪᠠᠶᠢᠭᠰᠠᠨ ᠬᠠᠭᠤᠷᠠᠢ ᠬᠤᠳᠳᠤᠭ ᠤᠨ ᠣᠷᠤ ᠮᠦᠷ ᠦᠯᠡᠳᠡᠭᠳᠡᠭᠰᠡᠭᠡᠷ ᠪᠦᠭᠡᠳ ᠣᠯᠠᠨ ᠠᠷᠪᠢᠨ ᠨᠣᠲᠤᠭ ᠤᠨ ᠪᠤᠭᠤᠷᠤᠯᠴᠳᠳ᠂ ᠬᠦᠭᠰᠢᠳ ᠠᠴᠠ ᠳᠡᠭᠡᠳᠦᠰ ᠠᠴᠠ ᠵᠢᠭᠠᠵᠤ ᠢᠷᠡᠯ᠎ᠡ ᠭᠡᠰᠡᠨ ᠬᠡᠯᠡᠯᠭᠡ ᠪᠠᠶᠢᠬᠤ ᠳᠠᠭᠠᠨ ᠪᠢᠴᠢᠭ ᠮᠠᠲ᠋ᠧᠷᠢᠶᠠᠯ ᠲᠤ  ᠲᠡᠮᠳᠡᠭᠯᠡᠭᠳᠡᠵᠦ᠂ ᠣᠨ ᠵᠢᠯ ᠤᠨ ᠤᠳᠠᠭᠠᠨ ᠳᠤ ᠡᠯᠡᠰᠤᠨ ᠳᠤ ᠳᠠᠷᠤᠭᠳᠠᠭᠰᠠᠨ ᠣᠷᠤ ᠮᠦᠷ ᠢ ᠨᠡᠶᠢᠭᠡᠮ ᠳᠤ ᠳᠣᠮᠤᠭ ᠦᠯᠢᠭᠡᠷ ᠤᠨ ᠨᠢᠭᠡᠨ ᠬᠠᠨᠳᠢᠪ ᠪᠣᠯᠬᠤ《 ᠬᠠᠰᠠᠷ  ᠨᠤᠲᠤᠭ》 ᠭᠡᠰᠡᠨ ᠭᠠᠵᠠᠷ ᠨᠣᠲᠤᠭ ᠢ ᠦᠯᠡᠳᠡᠭᠡᠬᠦ ᠶᠢᠨ ᠲᠦᠯᠦᠭᠡ ᠬᠤᠰᠢᠭᠤ ᠵᠠᠰᠠᠭ ᠠᠴᠠ ᠬᠠᠮᠠᠭᠠᠯᠠᠵᠤ ᠬᠦᠷᠢᠶᠡᠯᠡᠵᠦ ᠠᠪᠤᠭᠰᠠᠨ ᠶᠤᠮ᠃《 ᠬᠠᠰᠠᠷ ᠪᠣᠭᠳᠠ ᠶᠢᠨ ᠮᠣᠨᠠ ᠶᠢᠨ ᠬᠤᠱᠤᠤ ᠳᠤ ᠪᠣᠯᠤᠭᠰᠠᠨ ᠠᠷᠠᠳ ᠤᠨ ᠠᠮᠠᠨ ᠳᠤᠮᠤᠭ》 ᠨᠢ ᠠᠷᠠᠳ ᠤᠨ ᠠᠮᠠᠨ  ᠶᠠᠷᠢᠶ᠎ᠠ ᠪᠠᠷ ᠤᠯᠠᠮᠵᠢᠯᠠᠭᠳᠠᠨ ᠨᠢᠭᠡᠨᠲᠡ ᠳᠣᠯᠤᠭᠠᠨ ᠵᠠᠭᠤ ᠭᠠᠷᠤᠢ ᠵᠢᠯ ᠤᠨ ᠲᠡᠦᠬᠡ ᠲᠠᠢ ᠪᠣᠯᠵᠠᠢ᠃ ᠲᠣᠬᠠᠢ ᠶᠢᠨ ᠦᠶ᠎ᠡ ᠳᠤ ᠪᠦᠬᠦᠶᠢᠯᠡ ᠮᠣᠩᠭᠤᠯ ᠣᠷᠤᠨ ᠳᠤ ᠠᠮᠠᠨ  ᠶᠠᠷᠢᠶ᠎ᠠ ᠪᠠᠷ ᠳᠡᠯᠭᠡᠷᠡᠭᠡᠳ᠂ ᠣᠨᠴᠠᠭᠠᠶᠢᠯᠠᠨ ᠬᠠᠰᠠᠷ  ᠪᠤᠭᠳᠠ ᠶᠢᠨ ᠬᠠᠷᠢᠶᠠᠲᠤ ᠨᠤᠲᠤᠭ ᠲᠤ ᠳᠡᠭᠡᠳᠦᠰ ᠬᠠᠰᠠᠷ ᠢᠶᠠᠨ ᠰᠢᠲᠦᠨ ᠲᠠᠬᠢᠬᠤ  ᠳᠤ ᠪᠠᠨ ᠲᠡᠭᠦᠨ ᠤ ᠮᠣᠩᠭᠤᠯ ᠬᠠᠭᠠᠨᠲᠦ ᠤᠯᠤᠰ ᠤᠨ ᠦᠷᠨᠢᠨ   ᠬᠦᠭᠵᠢᠯ ᠦᠵᠡᠭᠦᠯᠦᠭᠰᠡᠨ ᠪᠠᠯᠠᠷᠠᠰᠢ ᠦᠭᠡᠢ ᠭᠠᠪᠢᠶ᠎ᠠ ᠵᠢᠳᠭᠦᠯ᠂ ᠡᠵᠡᠨ ᠲᠦᠷᠦ ᠳᠤ ᠪᠠᠨ ᠦᠨᠡᠨᠴᠢ ᠰᠢᠳᠤᠷᠭᠤ ᠪᠠᠶᠢᠭᠰᠠᠨ ᠠᠭᠤᠤ ᠶᠡᠭᠡ ᠵᠣᠷᠢᠭ ᠰᠠᠨᠠᠭ᠎ᠠ ᠶᠢ ᠡᠷᠬᠢᠨ ᠳᠡᠭᠡᠳᠦ《 ᠣᠪᠢᠳᠠᠰ》 ᠭᠡᠮᠡᠨ ᠰᠢᠳᠡᠴᠢᠯᠡᠳᠡᠭ᠃ ᠬᠠᠰᠠᠷ ᠪᠣᠯ ᠴᠢᠩᠭᠢᠰ ᠬᠠᠭᠠᠨ ᠢ ᠳᠡᠳᠭᠦᠨ ᠳᠡᠮᠵᠢᠵᠦ ᠪᠠᠶᠢᠭᠰᠠᠨ《 ᠶᠡᠷᠦ  ᠪᠣᠰᠤ》 ᠶᠢᠨ ᠲᠡᠦᠬᠡᠲᠦ ᠬᠦᠮᠦᠨ ᠪᠣᠯᠤᠨ᠎ᠠ᠃ ᠲᠤᠰ ᠳᠣᠮᠤᠭ ᠠᠴᠠ ᠬᠠᠰᠠᠷ ᠤᠨ ᠡᠵᠡᠨ ᠲᠦᠷᠦ ᠳᠤ ᠪᠠᠨ ᠦᠨᠡᠨᠴᠢ ᠰᠢᠳᠤᠷᠭᠤ ᠪᠠᠶᠢᠭᠰᠠᠨ ᠵᠣᠷᠢᠭ ᠰᠠᠨᠠᠭ᠎ᠠ ᠶᠢ ᠪᠦᠷᠢᠮᠰᠤᠨ ᠬᠠᠷᠠᠭᠤᠯᠵᠤ ᠪᠣᠯᠤᠨ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ