ᠲᠠᠪᠤᠨ ᠬᠤᠰᠢᠭᠤ ᠮᠠᠯ ᠤᠨ ᠰᠦ ᠪᠠᠷ ᠪᠤᠯᠪᠠᠰᠤᠷᠠᠭᠤᠯᠤᠭᠰᠠᠨ ᠢᠳᠡᠭᠡᠨ ᠢ ᠠᠷᠢᠭᠤᠨ ᠴᠠᠭᠠᠨ᠂ ᠠᠷᠢᠭ ᠴᠠᠶᠢᠯᠭᠠᠨ ᠬᠡᠮᠡᠬᠦ ᠰᠠᠨᠠᠭ᠎ᠠ ᠪᠠᠷ ᠴᠠᠭᠠᠨ ᠢᠳᠡᠭᠡ ᠭᠡᠵᠤ | ᠨᠡᠷᠡᠯᠡᠭᠰᠡᠨ ᠶᠤᠮ᠃ ᠴᠠᠭᠠᠨ ᠢᠳᠡᠭᠡ ᠪᠠᠨ ᠨᠠᠨᠳᠢᠩᠨᠠᠨ ᠬᠦᠨᠳᠦᠳᠭᠡᠳᠡᠭ ᠤᠴᠢᠷ ᠠᠴᠠ ᠭᠡᠶᠢᠴᠢᠨ ᠵᠤᠴᠢᠨ ᠢᠷᠡᠪᠡᠰᠦ ︽ᠴᠠᠶᠢᠯᠭᠠᠨ ᠰᠡᠳᠭᠢᠯ᠂ ᠴᠠᠭᠠᠨ ᠪᠤᠶᠠᠨ ᠤ | ᠳᠡᠭᠡᠵᠢ︾ ᠭᠡᠵᠤ ᠡᠩ ᠲᠡᠷᠢᠭᠦᠨ ᠳᠤ ᠴᠡᠭᠡ ᠰᠦ ᠶᠦᠭᠡᠨ ᠡᠷᠭᠦᠨ ᠪᠠᠷᠢᠵᠦ᠂ ᠪᠢᠴᠢᠬᠠᠨ ᠬᠡᠦᠬᠡᠳ ᠤᠨ ᠵᠤᠯᠠᠢ᠂ ᠮᠠᠩᠨᠠᠢ ᠳᠤᠨᠢ ᠦᠷᠦᠮ᠎ᠡ ᠪᠤᠶᠤ ᠰᠢᠷ᠎ᠠ ᠲᠤᠰᠤ ᠶᠢ | ᠢᠳᠠᠮ ᠬᠤᠷᠤᠭᠤ ᠪᠠᠷ ᠮᠢᠯᠢᠶᠠᠨ ᠲᠦᠷᠬᠢᠵᠦ᠂ ︽ᠲᠤᠰᠤᠨ ᠳᠡᠭᠡᠷ᠎ᠡ ᠲᠤᠭᠯᠠᠵᠦ᠂ ᠲᠤᠷᠭᠠᠨ ᠳᠡᠭᠡᠷ᠎ᠡ ᠦᠩᠭᠦᠷᠢᠲᠦᠭᠡᠢ︾ ᠬᠡᠮᠡᠨ ᠢᠷᠦᠭᠡᠵᠦ᠂ ᠢᠳᠠᠮ | ᠬᠤᠷᠤᠭᠤᠨ ᠠᠴᠠ ᠪᠤᠰᠤᠳ ᠬᠤᠷᠤᠭᠤ ᠪᠠᠷ ᠴᠠᠭᠠᠨ ᠢᠳᠡᠭᠡ ᠪᠠᠨ ᠡᠷᠭᠦᠬᠦ᠂ ᠦᠭᠭᠦ᠂ ᠠᠮᠠᠰᠠᠬᠤ ᠶᠤᠰᠤ ᠦᠢᠯᠡᠳᠬᠦ ᠶᠢ ᠴᠡᠭᠡᠷᠯᠡᠨ᠎ᠡ᠃ | ᠴᠠᠭᠠᠨ ᠢᠳᠡᠭᠡ ᠶᠢ ᠵᠤᠭᠰᠤᠭ᠎ᠠ ᠶᠠᠪᠤᠭ᠎ᠠ ᠪᠠᠷ ᠠᠮᠰᠠᠬᠤ᠂ ᠢᠳᠡᠬᠦ ᠶᠢ ᠴᠡᠭᠡᠷᠯᠡᠨ᠎ᠡ᠃ ᠲᠦᠪᠬᠢᠨᠡᠭᠦᠨ ᠰᠠᠭᠤᠵᠦ ᠢᠳᠡᠵᠦ ᠤᠤᠭᠤᠬᠤ ᠬᠡᠷᠡᠭᠲᠡᠢ᠃ | ᠴᠠᠭᠠᠨ ᠢᠳᠡᠭᠡ ᠶᠢ ᠪᠤᠰᠤᠳ ᠲᠤ ᠦᠭᠪᠡᠯ ᠪᠤᠶᠠᠨ ᠳᠠᠭᠠᠨ᠎ᠠ ᠭᠡᠵᠤ ᠰᠠᠪᠠ ᠶᠢ ᠳᠦᠭᠦᠷᠭᠡᠭᠡᠳ ᠡᠷᠭᠢᠭᠦᠯᠵᠦ ᠦᠪᠡᠷ ᠤᠨ ᠰᠠᠪᠠᠨ ᠳᠠᠭᠠᠨ ᠪᠠᠭ᠎ᠠ ᠬᠢᠵᠦ | ᠦᠯᠡᠳᠡᠭᠡᠨ ᠠᠪᠤᠭᠠᠳ ᠦᠭᠳᠡᠭ ᠶᠤᠰᠤ ᠪᠤᠢ᠃ | ᠰᠦᠨᠢ ᠪᠣᠯ ᠴᠠᠭᠠᠨ ᠢᠳᠡᠭᠡ ᠶᠢ ᠬᠦᠮᠦᠨ ᠳᠤ ᠢᠯᠡ ᠪᠠᠷ ᠰᠢᠭᠤᠳ ᠦᠭᠭᠦ ᠶᠢ ᠴᠡᠭᠡᠷᠯᠡᠳᠡᠭ᠃ ᠬᠡᠷᠪᠡ ᠬᠦᠮᠦᠨ ᠳᠤ ᠵᠠᠪᠠᠯ ᠦᠭᠭᠦ ᠴᠢᠬᠤᠯᠠ ᠲᠠᠢ ᠪᠣᠯ | ᠭᠡᠷ ᠤᠨ ᠬᠦᠮᠦᠰ ᠨᠢ ᠰᠠᠪᠠᠯᠠᠵᠦ ᠨᠢᠭᠤᠭᠰᠠᠨ ᠪᠠᠶᠢᠳᠠᠯ ᠭᠠᠷᠭᠠᠨ᠂ ᠠᠪᠴᠤ ᠶᠠᠪᠤᠬᠤ ᠬᠦᠮᠦᠨ ᠨᠢ ᠦᠭᠡ ᠳᠠᠭᠤ ᠭᠠᠷᠭᠠᠯ ᠦᠭᠡᠢ ᠪᠠᠷ ᠰᠡᠮᠡᠬᠡᠨ ᠠᠪᠴᠤ ᠶᠠᠪᠤᠨ᠎ᠠ᠃ | | ᠴᠠᠭᠠᠨ ᠢᠳᠡᠭᠡ ᠠᠮᠰᠠᠬᠤ ᠳᠠᠭᠠᠨ ᠬᠤᠪᠴᠠᠰᠤ ᠬᠤᠨᠠᠷ ᠰᠤᠯᠠ ᠵᠠᠳᠠᠭᠠᠢ ᠪᠠᠶᠢᠬᠤ ᠶᠢ ᠴᠡᠭᠡᠷᠯᠡᠨ᠎ᠡ᠃ | ᠠᠶᠢᠷᠠᠭ ᠲᠤ ᠬᠤᠵᠢᠷ ᠳᠠᠪᠤᠰᠤ ᠬᠦᠷᠭᠡᠬᠦ᠂ ᠬᠤᠷᠤᠳ ᠢ ᠭᠠᠯ ᠳᠤ ᠰᠢᠷᠠᠬᠤ᠂ ᠰᠢᠷ᠎ᠠ ᠲᠤᠰᠤ ᠪᠠᠷ ᠴᠠᠭᠠᠨ ᠢᠳᠡᠭᠡ ᠠᠮᠰᠠᠭᠤᠯᠬᠤ ᠵᠡᠷᠭᠡ ᠶᠢ ᠴᠡᠭᠡᠷᠯᠡᠨ᠎ᠡ᠃ | ᠮᠤᠩᠭᠤᠯᠴᠤᠳ᠂ ᠴᠠᠭᠠᠨ ᠢᠳᠡᠭᠡᠨ ᠢᠶᠠᠨ ᠢᠳᠡᠭᠡᠨ ᠤ ᠵᠦᠢᠯ ᠪᠠ ᠤᠮᠳᠠᠭᠠᠨ ᠤ ᠵᠦᠢᠯ ᠭᠡᠵᠤ ᠬᠤᠶᠠᠷ ᠵᠦᠢᠯ ᠳᠤ ᠠᠩᠭᠢᠯᠠᠳᠠᠭ᠃ | ᠢᠳᠡᠭᠡᠨ ᠤ ᠵᠦᠢᠯ ᠳᠤ᠄ ᠠᠭᠠᠷᠤᠤᠯ᠂ ᠬᠤᠷᠤᠳ᠂ ᠪᠢᠰᠢᠯᠠᠭ᠂ ᠦᠷᠦᠮ᠎ᠡ᠂ ᠰᠢᠷ᠎ᠠ ᠲᠤᠰᠤ᠂ ᠵᠦᠭᠡᠬᠡᠢ᠂ ᠴᠦᠴᠦᠭᠡᠢ᠂ ᠡᠭᠡᠵᠡᠭᠡᠢ᠂ ᠰᠦᠨ ᠲᠠᠯᠬ᠎ᠠ ᠵᠡᠷᠭᠡ | ᠪᠠᠶᠢᠵᠦ︔ ᠤᠮᠳᠠᠭᠠᠨ ᠤ ᠵᠦᠢᠯ ᠳᠤ᠄ ᠤᠭᠤᠷᠠᠭ᠂ ᠰᠦ᠂ ᠡᠰᠦᠭ ᠂ ᠴᠡᠭᠡ᠂ ᠡᠭᠡᠳᠡᠮᠦᠭ᠂ ᠠᠶᠢᠷᠠᠭ᠂ ᠲᠠᠷᠠᠭ ᠵᠡᠷᠭᠡ ᠪᠠᠭᠲᠠᠨ᠎ᠠ᠃ | ᠴᠠᠭᠠᠨ ᠢᠳᠡᠭᠡ᠂ ᠤᠯᠠᠭᠠᠨ ᠢᠳᠡᠭᠡ ᠶᠢ ᠬᠤᠯᠢᠬᠤ ᠶᠢ ᠴᠡᠭᠡᠷᠯᠡᠳᠡᠭ᠃ ᠰᠦ ᠪᠣᠯ ᠴᠠᠭᠠᠨ᠂ ᠠᠷᠢᠭᠤᠨ᠂ ᠴᠢᠰᠤ ᠪᠣᠯ ᠤᠯᠠᠭᠠᠨ ᠤᠴᠢᠷ ᠰᠦ ᠮᠡᠲᠦ | ᠠᠷᠢᠭᠤᠨ ᠪᠢᠰᠢ ᠭᠡᠵᠤ ᠦᠵᠡᠳᠡᠭ᠃ ᠰᠦ ᠨᠢ ᠤᠰᠤ ᠴᠠᠢ ᠶᠢ ᠴᠠᠭᠠᠨ ᠪᠤᠯᠭᠠᠳᠠᠭ ᠴᠦ ᠴᠢᠰᠤ ᠶᠢ ᠴᠠᠶᠢᠷᠠᠭᠤᠯᠵᠦ᠂ ᠴᠢᠰᠤᠨ ᠤ ᠴᠢᠨᠠᠷ ᠢ ᠬᠤᠪᠢᠷᠠᠭᠤᠯᠬᠤ ᠳᠤ ᠪᠡᠷᠬᠡ | ᠲᠤᠯᠠ ᠤᠯᠠᠭᠠᠨ ᠴᠠᠭᠠᠨ ᠢᠳᠡᠭᠡ ᠶᠢ ᠬᠤᠯᠢᠳᠠᠭ ᠦᠭᠡᠢ᠃ | ᠲᠠᠬᠢᠯᠭ᠎ᠠ ᠪᠤᠶᠤ ᠳᠠᠶᠢᠯᠠᠯᠭ᠎ᠠ ᠳᠡᠭᠡᠷ᠎ᠡ ᠰᠢᠭᠦᠰᠦ ᠲᠠᠯᠪᠢᠬᠤ ᠳᠠᠭᠠᠨ ᠬᠤᠨᠢᠨ ᠤ ᠲᠤᠯᠤᠭᠠᠢ ᠳᠡᠭᠡᠷ᠎ᠡ ᠨᠢ ᠬᠤᠷᠤᠳ ᠴᠠᠭᠠᠨ ᠢᠳᠡᠭᠡ ᠪᠠᠷ ᠦᠩᠭᠡ ᠲᠠᠯᠪᠢᠵᠦ ︽ | ᠴᠠᠶᠢᠷᠠᠭᠤᠯᠳᠠᠭ︾ ᠠᠵᠢ᠃ | ᠰᠦ ᠴᠠᠭ᠎ᠠ ᠪᠣᠯ ᠠᠷᠢᠭᠤᠨ ᠴᠢᠨᠠᠷᠲᠤ ᠢᠳᠡᠭᠡᠨ ᠤᠮᠳᠠᠭᠠᠨ ᠪᠤᠯᠬᠤᠷ ᠰᠦ ᠴᠠᠭ᠎ᠠ ᠲᠠᠢ ᠤᠷᠤᠯᠳᠤᠬᠤ ᠠᠯᠢᠪᠠ ᠳᠤᠬᠢᠶᠠᠯᠳᠤᠯ ᠳᠤ ᠵᠠᠪᠠᠯ ᠠᠷᠢᠭᠤᠨ ᠴᠡᠪᠡᠷ | ᠪᠠᠶᠢᠬᠤ ᠶᠢ ᠬᠢᠴᠢᠶᠡᠳᠡᠭ᠃ | ᠭᠠᠷ ᠢᠶᠠᠨ ᠤᠬᠢᠶᠠᠯ ᠦᠭᠡᠢ ᠰᠦ ᠰᠠᠭᠠᠬᠤ ᠪᠤᠶᠤ ᠠᠯᠢᠪᠠ ᠰᠦ ᠴᠠᠭᠠᠨ ᠢᠳᠡᠭᠡ ᠲᠠᠢ ᠤᠷᠤᠯᠳᠤᠬᠤ ᠶᠢ ᠲᠤᠩ ᠴᠡᠭᠡᠷᠯᠡᠳᠡᠭ᠃ ᠰᠦ ᠰᠠᠭᠠᠯᠢ ᠪᠠ ᠴᠠᠭᠠᠨ | ᠢᠳᠡᠭᠡᠨ ᠤ ᠳᠡᠭᠡᠭᠦᠷ ᠠᠯᠬᠤᠵᠦ ᠭᠢᠰᠭᠢᠬᠦ᠂ ᠬᠤᠷᠮᠤᠢ ᠪᠠᠨ ᠡᠷᠭᠢᠯᠳᠦᠭᠦᠯᠬᠦ ᠂ ᠭᠤᠲᠤᠯ ᠤᠶᠢᠮᠤᠰᠤ᠂ ᠦᠮᠦᠳᠦ ᠮᠡᠲᠦ ︽ᠪᠤᠵᠠᠷ︾ ᠵᠦᠢᠯ ᠰᠦ ᠰᠠᠭᠠᠯᠢ ᠲᠠᠢ | ᠤᠶᠢᠷᠠᠲᠤᠬᠤ ᠶᠢ ᠴᠡᠭᠡᠷᠯᠡᠳᠡᠭ᠃ ᠰᠦ ᠰᠠᠭᠠᠯᠢ ᠪᠤᠵᠠᠷᠲᠤᠪᠠᠯ ᠦᠨᠢᠶ᠎ᠡ ᠭᠡᠭᠦᠦ ᠶᠢᠨ ᠳᠡᠯᠡᠩ ᠬᠠᠪᠤᠳᠬᠤ ᠪᠤᠶᠤ ᠰᠦ ᠭᠠᠰᠢᠯᠬᠤ᠂ ᠴᠡᠭᠡ ᠠᠶᠢᠷᠠᠭ ᠤᠨ ᠬᠦᠷᠦᠩᠭᠡ | ᠬᠦᠴᠦ ᠰᠤᠯᠠᠷᠠᠵᠦ᠂ ᠬᠦᠮᠦᠨ ᠤ ᠬᠡᠶᠢᠮᠦᠷᠢ ᠬᠡᠪᠲᠡᠵᠦ᠂ ᠬᠢᠵᠢᠭ ᠡᠪᠡᠳᠴᠢᠨ ᠢᠷᠡᠨ᠎ᠡ᠃ | ᠨᠤᠬᠠᠢ᠂ ᠮᠤᠤᠷ᠂ ᠰᠢᠪᠠᠭᠤ ᠱᠠᠭᠠᠵᠠᠭᠠᠢ ᠶᠢᠨ ᠠᠮᠠ ᠬᠤᠩᠰᠢᠶᠠᠷ ︽ᠪᠤᠵᠠᠷ︾ ᠲᠤᠯᠠ ᠰᠦ ᠰᠠᠭᠠᠯᠢ ᠪᠠ ᠢᠳᠡᠭᠡᠨ ᠤᠮᠳᠠᠭᠠᠨ ᠤ ᠰᠠᠪᠠᠨ ᠳᠤ | ᠤᠶᠢᠷᠠᠳᠬᠤ ᠶᠢ ᠴᠡᠭᠡᠷᠯᠡᠳᠡᠭ᠃ ᠰᠦ ᠶᠢ ᠬᠠᠷᠠᠩᠭᠤᠢ ᠰᠦᠨᠢ ᠭᠠᠳᠠᠭᠰᠢ ᠭᠠᠷᠭᠠᠬᠤ᠂ ᠠᠶᠢᠯ ᠵᠤᠨ ᠳᠤ ᠦᠭᠭᠦ ᠶᠢ ᠴᠡᠭᠡᠷᠯᠡᠳᠡᠭ᠃ | ᠰᠦ ᠪᠣᠯ ᠠᠷᠢᠭᠤᠨ ᠴᠠᠭᠠᠨ ᠪᠤᠯᠬᠤᠷ ᠬᠠᠷ᠎ᠠ ᠬᠠᠷᠠᠩᠭᠤᠢ ᠲᠠᠢ ᠨᠡᠶᠢᠯᠡᠳᠡᠭ ᠦᠭᠡᠢ᠂ ᠠᠯᠪᠠ ᠪᠠᠷ ᠨᠡᠶᠢᠯᠡᠭᠦᠯᠪᠡᠯ ᠰᠦ ᠪᠤᠵᠠᠷᠳᠤᠨᠠ᠃ | ᠰᠦ ᠠᠰᠬᠠᠪᠠᠯ ᠠᠮᠠᠨ ᠤ ᠬᠡᠰᠢᠭ ᠲᠤ ᠮᠠᠭᠤ ᠭᠡᠨ᠎ᠡ᠃ ᠰᠠᠨᠠᠭᠠᠨ ᠳᠤ ᠦᠭᠡᠢ ᠠᠰᠬᠠᠬᠰᠠᠨ ᠪᠠᠶᠢᠪᠠᠯ ᠳᠤᠮᠳᠠ ᠬᠤᠷᠤᠭᠤ ᠪᠠᠷ ᠢᠶᠠᠨ ᠳᠤᠬᠤᠨ ᠳᠠᠭᠠᠨ | ᠲᠦᠷᠬᠢᠵᠦ ᠴᠡᠭᠡᠷ ᠲᠠᠶᠢᠯᠤᠨ᠎ᠠ᠃ | ᠰᠦ ᠲᠠᠢ ᠢᠳᠡᠭᠡᠨ ᠲᠠᠢ ᠳᠠᠪᠤᠰᠤᠯᠢᠭ ᠵᠦᠢᠯ ᠢ ᠬᠤᠯᠢᠵᠦ ᠢᠳᠡᠬᠦ ᠶᠢ ᠴᠡᠭᠡᠷᠯᠡᠨ᠎ᠡ᠃ ᠰᠦ ᠳᠡᠭᠡᠷ᠎ᠡ ᠬᠠᠷ᠎ᠠ ᠤᠰᠤ᠂ ᠴᠢᠰᠤ ᠳᠤᠰᠤᠭᠠᠬᠤ ᠶᠢ ᠴᠡᠭᠡᠷᠯᠡᠨ᠎ᠡ᠃ | ᠠᠶᠢᠯ ᠳᠤ ᠬᠦᠷᠬᠦ ᠳᠤ ᠠᠶᠢᠯ ᠤᠨ ᠬᠦᠮᠦᠨ ᠬᠤᠲᠠᠨ ᠳᠤᠲᠤᠷ᠎ᠠ ᠪᠠᠨ ᠰᠦ ᠰᠠᠭᠠᠵᠦ ᠪᠠᠶᠢᠭᠠᠳ ᠰᠠᠭᠤᠯᠭ᠎ᠠ ᠲᠠᠢ ᠰᠦ ᠪᠠᠨ ᠪᠠᠷᠢᠵᠦ ᠤᠭᠲᠤᠵᠦ ᠢᠷᠡᠬᠦ ᠳᠠᠭᠠᠷᠢᠯᠳᠤᠪᠠᠯ | ᠂ ᠡᠷᠬᠡᠪᠰᠢ ᠰᠦ ᠲᠠᠢ ᠰᠠᠪᠠ ᠶᠢ ᠨᠢ ᠠᠪᠴᠤ ᠪᠠᠷᠢᠭᠠᠳ ᠭᠡᠷ ᠲᠤᠨᠢ ᠤᠷᠤᠬᠤ ᠶᠤᠰᠤᠲᠠᠢ᠃ ᠡᠨᠡ ᠨᠢ ᠴᠠᠭᠠᠨ ᠢᠳᠡᠭᠡ ᠶᠢ ᠲᠡᠷᠢᠭᠦᠨ ᠵᠡᠷᠭᠡ ᠶᠢᠨ ᠢᠳᠡᠭᠡᠨ ᠭᠡᠵᠤ | ᠬᠦᠨᠳᠦᠳᠭᠡᠵᠦ ᠪᠠᠶᠢᠭ᠎ᠠ ᠶᠠᠪᠤᠳᠠᠯ ᠮᠥᠨ᠃ | ᠴᠠᠭᠠᠨ ᠢᠳᠡᠭᠡ ᠢᠳᠡᠬᠦ ᠳᠡᠭᠡᠨ ᠰᠠᠪᠬ᠎ᠠ ᠬᠡᠷᠡᠭᠯᠡᠪᠡᠯ ᠴᠠᠭᠠᠨ ᠢᠳᠡᠭᠡ ᠢᠳᠡᠬᠦ ᠠᠮᠠᠨ ᠤ ᠬᠡᠰᠢᠭ ᠦᠭᠡᠢ ᠪᠤᠯᠤᠨ᠎ᠠ᠃ | ᠴᠠᠭᠠᠨ ᠢᠳᠡᠭᠡ ᠢᠳᠡᠭᠡᠳ ᠰᠠᠪᠠ ᠶᠢ ᠨᠢ ᠬᠦᠮᠦᠷᠢᠵᠦ ᠲᠠᠯᠪᠢᠪᠠᠯ ᠪᠤᠶᠠᠨ ᠬᠡᠰᠢᠭ ᠲᠤ ᠮᠠᠭᠤ᠂ ᠰᠦ ᠴᠠᠭᠠᠨ ᠢᠳᠡᠭᠡᠨ ᠤ ᠡᠭᠦᠳᠡ ᠬᠠᠭᠠᠭᠳᠠᠨ᠎ᠠ᠃ | ᠴᠠᠭᠠᠨ ᠢᠳᠡᠭᠡ ᠶᠢ ᠤᠷᠢᠳᠤ ᠵᠦᠭ ᠲᠤ ᠬᠠᠷᠠᠭᠤᠯᠤᠨ ᠠᠶᠠᠭᠠᠯᠠᠬᠤ ᠰᠠᠪᠠᠯᠠᠬᠤ ᠶᠢ ᠴᠡᠭᠡᠷᠯᠡᠨ᠎ᠡ᠃ ᠵᠦᠷᠢᠴᠡᠪᠡᠯ ᠭᠠᠷᠤᠵᠠ ᠭᠠᠷᠤᠯᠭ᠎ᠠ ᠨᠢᠭᠤᠷᠯᠠᠨ᠎ᠠ᠃ | |