ᠮᠤᠩᠭᠤᠯᠴᠤᠳ ᠤᠨ ᠲᠡᠭᠡᠰᠦ ᠲᠠᠮᠤᠬᠤ ᠠᠷᠭ᠎ᠠ ᠶᠤᠰᠤᠨ
ᠨᠡᠶᠢᠲᠡᠯᠡᠭᠰᠡᠨ ᠴᠠᠭ᠄
2021/11/26
      ᠮᠤᠩᠭᠤᠯᠴᠤᠳ ᠦᠨᠢ ᠤᠳᠠᠭᠠᠨ ᠤ ᠮᠠᠯᠵᠢᠬᠤ ᠦᠢᠯᠡᠳᠪᠦᠷᠢᠯᠡᠯ ᠤᠨ ᠶᠠᠪᠤᠴᠠ ᠳᠠᠭᠠᠨ ᠲᠠᠪᠤᠨ ᠬᠤᠰᠢᠭᠤ ᠮᠠᠯ ᠰᠦᠷᠦᠭ ᠤᠨ ᠢᠶᠠᠨ ᠠᠰᠢᠭ ᠰᠢᠮ᠎ᠡ ᠶᠢ ᠮᠠᠰᠢ ᠲᠦᠬᠦᠮ ᠲᠦᠳᠡ ᠮᠦᠷᠳᠡᠬᠡᠨ ᠨᠠᠷᠢᠯᠢᠭ ᠰᠠᠶᠢᠬᠠᠨ ᠡᠳ᠋ᠰᠢᠬᠦᠯᠦᠨ ᠪᠤᠯᠪᠠᠰᠤᠷᠠᠭᠤᠯᠵᠤ᠂ ᠦᠪᠡᠷ ᠤᠨ ᠢᠶᠠᠨ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ  ᠶᠢ ᠬᠠᠩᠭᠠᠵᠤ ᠢᠷᠡᠵᠡᠢ᠃ ᠮᠤᠩᠭᠤᠯᠴᠤᠳ ᠤᠨ ᠲᠠᠮᠤᠭᠰᠠᠨ ᠲᠡᠭᠡᠰᠦ ᠪᠤᠯ ᠲᠠᠷᠤᠢ ᠡᠬᠦᠨ ᠤ ᠲᠤᠳᠤᠷᠠᠬᠢ ᠨᠢᠬᠡᠨ ᠪᠤᠳᠠᠳᠤ ᠵᠢᠱᠢᠶ᠎ᠠ ᠪᠤᠯᠵᠤ ᠪᠠᠶᠢᠭ᠎ᠠ ᠶᠤᠮ᠃      ᠮᠤᠩᠭᠤᠯᠴᠤᠳ ᠬᠤᠨᠢᠨ ᠤᠨ ᠪᠠᠨ ᠨᠤᠤᠰᠤ᠂ ᠲᠡᠮᠡᠬᠡᠨ ᠤ ᠪᠠᠨ ᠨᠤᠤᠰᠤ᠂ ᠵᠤᠭᠳᠤᠷ᠂ ᠠᠳᠤᠭᠤᠨ ᠤ ᠪᠠᠨ ᠬᠢᠯᠭᠠᠰᠤ᠂ ᠢᠮᠠᠭᠠᠨ ᠤ ᠪᠠᠨ ᠰᠤᠷ ᠢ ᠲᠦᠬᠦᠮ ᠠᠷᠭ᠎ᠠ ᠪᠠᠷ ᠪᠤᠯᠪᠠᠰᠤᠷᠠᠭᠤᠯᠵᠤ᠂ ᠲᠡᠬᠡᠰᠦ ᠲᠠᠮᠤᠭᠠᠳ᠂ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠤ ᠪᠠᠶᠢᠵᠠᠢ᠃ ᠮᠤᠩᠭᠤᠯ ᠨᠡᠭᠦᠳᠡᠯ ᠠᠮᠢᠳᠤᠷᠠᠯ ᠳᠤ ᠲᠠᠮᠤᠭᠰᠠᠨ ᠲᠡᠬᠡᠰᠦ ᠲᠤᠳᠠᠭᠳᠠᠵᠤ ᠪᠤᠯᠤᠰᠢ ᠦᠬᠡᠢ ᠴᠢᠬᠤᠯᠠ ᠬᠡᠷᠡᠭᠴᠡᠭᠡ ᠲᠠᠢ ᠪᠠᠶᠢᠳᠠᠭ᠃ ᠤᠷᠤᠬᠤ ᠬᠡᠷ ᠨᠢ ᠮᠤᠳᠤ ᠶᠢ ᠭᠠᠷᠭᠠᠪᠠᠯ ᠪᠤᠰᠤᠳ ᠨᠢ ᠪᠦᠷ ᠮᠠᠯ ᠤᠨ ᠨᠤᠤᠰᠤ ᠬᠢᠯᠭᠠᠰᠤ ᠪᠠᠷ ᠪᠦᠳᠦᠭᠰᠡᠨ ᠬᠡᠬᠦ ᠳᠤ ᠢᠯᠡᠬᠦᠳᠡᠬᠦ ᠦᠬᠡᠢ᠃ ᠡᠬᠦᠨ ᠳᠤ᠂ ᠲᠠᠬᠡᠰᠦ ᠬᠠᠮᠤᠭ ᠴᠢᠬᠤᠯᠠ ᠪᠦᠷᠢᠯᠳᠦᠬᠦᠨ ᠬᠡᠰᠡᠭ ᠨᠢ ᠪᠤᠯᠵᠤ ᠪᠠᠶᠢᠳᠠᠭ᠃ ᠵᠢᠱᠢᠶᠡᠯᠡᠪᠡᠯ᠂ ᠬᠡᠷ ᠤᠨ ᠪᠦᠰᠡᠯᠡᠬᠦᠷ᠂ ᠲᠤᠭᠤᠨᠤ ᠶᠢᠨ ᠴᠠᠬᠢᠯᠳᠠᠭ᠂ ᠬᠠᠨ᠎ᠠ ᠶᠢᠨ ᠲᠠᠷᠤᠭᠠᠰᠤ᠂ ᠪᠦᠷᠢᠶᠡᠰᠦᠨ ᠤ ᠵᠡᠬᠡᠬᠡ᠂ ᠲᠠᠷᠤᠭᠠᠰᠤ᠂ ᠤᠭᠤᠰᠤᠷ᠂  ᠪᠦᠴᠡ᠂ ᠭᠤᠭᠴᠤ᠂ ᠬᠡᠷ ᠤᠨ ᠬᠦᠯᠳᠡᠷᠭᠡ᠂ ᠤᠨᠢᠨ ᠤ ᠬᠠᠮᠤᠭᠴᠢ᠂ ᠡᠷᠦᠬᠡᠨ ᠤᠭᠤᠰᠤᠷ ᠵᠡᠷᠭᠡ ᠨᠢ ᠪᠦᠷ ᠨᠤᠤᠰᠤᠨ ᠲᠡᠭᠡᠰᠦ᠂ ᠬᠢᠯᠭᠠᠰᠤᠨ ᠲᠡᠭᠡᠰᠦ᠂ ᠨᠤᠤᠰᠤᠨ ᠤᠳᠠᠰᠤ ᠪᠠᠷ ᠪᠦᠳᠦᠭᠰᠡᠨ ᠶᠣᠮ᠃       ᠮᠠᠯᠵᠢᠬᠤ ᠦᠢᠯᠡᠳᠪᠦᠷᠢᠯᠡᠯ ᠳᠤ ᠴᠤ ᠲᠡᠭᠡᠰᠦ ᠴᠢᠬᠤᠯᠠ ᠬᠡᠷᠡᠭᠴᠡᠭᠡ ᠱᠠᠭᠠᠷᠳᠠᠯᠭ᠎ᠠ ᠲᠠᠢ ᠪᠠᠶᠢᠳᠠᠭ᠃  ᠠᠷᠠᠯ ᠤᠨ ᠱᠠᠷ᠂ ᠰᠠᠭᠠᠯᠢ ᠶᠢᠨ ᠦᠨᠢᠶ᠎ᠡ ᠪᠠᠨ ᠤᠶᠠᠬᠤ ᠬᠠᠮᠤᠭᠴᠢ ᠲᠦᠷᠦ᠂ ᠬᠠᠰᠠᠭ ᠲᠡᠷᠭᠡᠨ ᠤ ᠠᠴᠢᠶ᠎ᠠ ᠲᠡᠭᠡᠭᠡᠪᠦᠷᠢ ᠶᠢ ᠲᠠᠷᠤᠳᠠᠭ ᠲᠠᠳᠠᠯᠭ᠎ᠠ᠂ ᠠᠳᠠᠨ ᠲᠡᠮᠡᠭᠡᠨ ᠤ ᠨᠤᠭᠳᠤ᠂ ᠪᠤᠷᠠᠮᠳᠠᠭ᠂ ᠲᠤᠬᠤᠰᠢᠨ ᠤ ᠤᠯᠤᠩ᠂ ᠡᠮᠡᠬᠡᠯ ᠤᠨ ᠤᠯᠤᠩ᠂ ᠲᠤᠭᠤᠯ ᠤᠨ ᠬᠦᠵᠦᠬᠦᠪᠴᠢ᠂ ᠴᠢᠭᠳᠠ ᠵᠡᠷᠭᠡ ᠶᠢ ᠪᠦᠷ ᠨᠤᠤᠰᠤ ᠬᠢᠯᠭᠠᠰᠤ ᠪᠠᠷ ᠲᠠᠮᠤᠵᠤ ᠦᠢᠯᠡᠳᠳᠡᠭ᠃      ᠨᠢᠬᠡ᠂ ᠲᠡᠭᠡᠰᠦᠨ ᠤ ᠲᠦᠷᠦᠯ ᠵᠦᠢᠯ      ᠮᠤᠩᠭᠤᠯᠴᠤᠳ ᠤᠨ ᠲᠠᠮᠤᠵᠤ ᠬᠡᠷᠡᠭᠯᠡᠳᠡᠭ ᠲᠡᠭᠡᠰᠦᠨ ᠤ ᠲᠦᠷᠦᠯ ᠵᠦᠢᠯ ᠢ ᠶᠡᠭᠡ ᠲᠦᠯᠦᠪ ᠨᠤᠤᠰᠤᠨ ᠲᠡᠭᠡᠰᠦ᠂ ᠬᠢᠯᠭᠠᠰᠤᠨ ᠲᠡᠭᠡᠰᠦ᠂ ᠨᠤᠤᠰᠤ ᠬᠢᠯᠭᠠᠰᠤᠨ ᠲᠡᠭᠡᠰᠦ᠂ ᠨᠤᠤᠰᠤ ᠰᠤᠷ ᠤᠨ ᠲᠡᠭᠡᠰᠦ᠂ ᠨᠤᠤᠰᠤ ᠵᠤᠭᠳᠤᠷ ᠤᠨ ᠲᠡᠭᠡᠰᠦ ᠬᠡᠵᠦ ᠬᠤᠪᠢᠶᠠᠷᠢᠯᠠᠨ᠎ᠠ᠃      ᠨᠤᠤᠰᠤᠨ ᠲᠡᠭᠡᠰᠦ —— ᠨᠤᠤᠰᠤᠨ ᠲᠡᠭᠡᠰᠦ ᠬᠡᠳᠡᠭ ᠨᠢ ᠬᠤᠨᠢ᠂ ᠲᠡᠮᠡᠭᠡᠨ ᠤ ᠨᠤᠤᠰᠤ ᠪᠠᠷ ᠲᠠᠮᠤᠭᠰᠠᠨ ᠲᠡᠭᠡᠰᠦ ᠶᠢ ᠬᠡᠯᠡᠳᠡᠭ᠂ ᠲᠦᠬᠦᠮᠴᠢᠯᠡᠬᠡᠳ ᠬᠤᠨᠢᠨ ᠲᠡᠭᠡᠰᠦ᠂᠂ ᠲᠡᠮᠡᠭᠡᠨ ᠲᠡᠭᠡᠰᠦ ᠬᠡᠵᠦ ᠨᠡᠷᠡᠯᠡᠳᠡᠭ᠃ ᠬᠤᠨᠢᠨ ᠲᠡᠭᠡᠰᠦ ᠶᠢ ᠴᠤᠯ ᠬᠤᠨᠢᠨ ᠤ ᠨᠤᠤᠰᠤ ᠪᠠᠷ ᠲᠠᠮᠤᠳᠠᠭ᠂ ᠬᠤᠨᠢᠨ ᠲᠡᠭᠡᠰᠦ ᠨᠢ ᠤᠶᠠᠨ ᠵᠦᠬᠡᠯᠡᠨ ᠮᠦᠷᠳᠡᠭᠡᠨ ᠮᠠᠰᠢ ᠰᠠᠶᠢᠨ ᠬᠠᠷᠢᠮᠠᠬᠠᠢ ᠴᠢᠨᠠᠷᠳᠠᠢ ᠪᠠᠶᠢᠳᠠᠭ᠃ ᠬᠡᠷ ᠤᠨ ᠤᠭᠤᠰᠤᠷ᠂ ᠪᠦᠴᠡ᠂ ᠲᠤᠭᠤᠯ ᠤᠨ ᠬᠦᠵᠦᠬᠦᠪᠴᠢ ᠵᠡᠷᠭᠡ ᠪᠠᠷ ᠲᠠᠮᠤᠳᠠᠭ᠃ ᠲᠡᠮᠡᠭᠡᠨ ᠲᠡᠭᠡᠰᠦ ᠶᠢ ᠴᠤᠯ ᠲᠡᠮᠡᠬᠡᠨ ᠤ ᠨᠤᠤᠰᠤ ᠪᠠᠷ ᠲᠠᠮᠤᠳᠠᠭ᠃ ᠲᠡᠮᠡᠭᠡᠨ ᠲᠡᠭᠡᠰᠦ ᠨᠢ ᠤᠶᠠᠨ ᠵᠦᠬᠡᠯᠡᠨ ᠮᠦᠷᠳᠡᠭᠡᠨ ᠬᠠᠷᠢᠮᠠᠬᠠᠢ  ᠴᠢᠨᠠᠷ ᠢᠶᠠᠨ ᠨᠡᠩ ᠶᠡᠭᠡ ᠪᠠᠶᠢᠳᠠᠭ ᠂  ᠨᠤᠭᠳᠤ᠂ ᠪᠤᠷᠠᠮᠳᠠᠭ᠂ ᠤᠭᠤᠳᠠᠨ ᠤ ᠤᠭᠤᠰᠤᠷ ᠵᠡᠷᠭᠡ ᠶᠢ ᠲᠠᠮᠤᠳᠠᠭ᠃      ᠬᠢᠯᠭᠠᠰᠤᠨ ᠲᠡᠭᠡᠰᠦ —— ᠮᠤᠩᠭᠤᠯᠴᠤᠳ ᠠᠳᠣᠭᠤᠨ ᠤ ᠪᠠᠨ ᠲᠠᠯ᠂ ᠰᠡᠬᠦᠯ ᠢ ᠬᠢᠯᠭᠠᠰᠤ ᠬᠡᠵᠦ ᠨᠡᠷᠡᠯᠡᠳᠡᠭ ᠲᠠᠳᠬᠠᠯ ᠲᠠᠢ ᠪᠠᠶᠢᠳᠠᠭ ᠠᠴᠠ ᠠᠳᠣᠭᠤᠨ ᠤ ᠲᠠᠯ ᠢᠶᠠᠷ ᠲᠠᠮᠤᠭᠰᠠᠨ ᠲᠡᠭᠡᠰᠦ ᠪᠠᠨ ᠬᠢᠯᠭᠠᠰᠤᠨ ᠲᠡᠭᠡᠰᠦ ᠬᠡᠵᠦ ᠨᠡᠷᠡᠯᠡᠳᠡᠭ᠃ ᠬᠢᠯᠭᠠᠰᠤᠨ ᠲᠡᠭᠡᠰᠦ ᠶᠢ ᠴᠤᠯ ᠬᠢᠯᠭᠠᠰᠤ ᠪᠠᠷ ᠲᠠᠮᠤᠳᠠᠭ᠂ ᠬᠢᠯᠭᠠᠰᠤᠨ ᠲᠡᠭᠡᠰᠦ ᠨᠢ ᠬᠠᠳᠠᠭᠤ ᠴᠢᠩᠭ᠎ᠠ᠂  ᠬᠠᠷᠢᠮᠠᠬᠠᠢ  ᠴᠢᠨᠠᠷ ᠢᠶᠠᠷ ᠪᠠᠭ᠎ᠠ ᠪᠠᠶᠢᠳᠠᠭ᠂ ᠭᠤᠤᠯᠳᠠᠭᠤ ᠬᠡᠷ ᠤᠨ ᠪᠦᠰᠡᠯᠡᠬᠦᠷ᠂ ᠲᠤᠭᠤᠨᠤ ᠶᠢᠨ ᠴᠠᠭᠢᠯᠳᠠᠭ᠂ ᠡᠷᠦᠬᠡᠨ ᠤ ᠤᠭᠤᠰᠤᠷ᠂ ᠤᠯᠤᠩ᠂ ᠲᠡᠷᠭᠡᠨ ᠲᠠᠳᠠᠯᠭ᠎ᠠ ᠵᠡᠷᠭᠡ ᠶᠢ ᠲᠠᠮᠤᠳᠠᠭ᠃     ᠨᠤᠤᠰᠤ ᠬᠢᠯᠭᠠᠰᠤᠨ ᠲᠡᠭᠡᠰᠦ —— ᠨᠤᠤᠰᠤ ᠬᠢᠯᠭᠠᠰᠤᠨ ᠲᠡᠭᠡᠰᠦ ᠬᠡᠳᠡᠭ ᠨᠢ ᠬᠤᠨᠢᠨ ᠤ ᠨᠤᠤᠰᠤ ᠶᠢ ᠬᠢᠯᠭᠠᠰᠤ ᠲᠠᠢ ᠬᠤᠯᠢᠵᠤ ᠲᠠᠮᠤᠭᠰᠠᠨ ᠲᠡᠭᠡᠰᠦ  ᠶᠢ ᠬᠡᠯᠡᠳᠡᠭ᠃ ᠨᠡᠯᠢᠶᠡᠳ ᠬᠠᠳᠠᠭᠤ ᠴᠢᠩᠭ᠎ᠠ᠂ ᠪᠠᠭ᠎ᠠ ᠰᠠᠭ᠎ᠠ ᠬᠠᠷᠢᠮᠠᠬᠠᠢ ᠴᠢᠨᠠᠷᠳᠠᠢ ᠪᠠᠶᠢᠳᠠᠭ᠃ ᠬᠠᠨ᠎ᠠ ᠶᠢᠨ ᠠᠮᠠᠨ ᠤ ᠲᠠᠷᠤᠭᠠᠰᠤ᠂ ᠬᠡᠷ ᠤᠨ ᠬᠦᠯᠳᠡᠷᠭᠡ᠂ ᠲᠡᠭᠡᠪᠦᠷ ᠲᠤᠭᠤᠷᠭᠠᠨ ᠤ ᠤᠭᠤᠰᠤᠷ᠂ ᠪᠦᠴᠡ ᠲᠠᠮᠤᠵᠤ ᠬᠡᠷᠡᠭᠯᠡᠳᠡᠭ ᠃     ᠨᠤᠤᠰᠤ ᠵᠤᠭᠳᠤᠷ ᠤᠨ ᠲᠡᠭᠡᠰᠦ —— ᠨᠤᠤᠰᠤ ᠵᠤᠭᠳᠤᠷ ᠤᠨ ᠲᠡᠭᠡᠰᠦ ᠬᠡᠳᠡᠭ ᠨᠢ ᠲᠡᠮᠡᠬᠡᠨ ᠤ ᠨᠤᠤᠰᠤ ᠶᠢ ᠵᠤᠭᠳᠤᠷ ᠲᠠᠢ  ᠬᠤᠯᠢᠵᠤ ᠲᠠᠮᠤᠭᠰᠠᠨ ᠲᠡᠭᠡᠰᠦ ᠶᠢ ᠬᠡᠯᠡᠳᠡᠭ᠃ ᠤᠶᠠᠨ ᠵᠦᠬᠡᠯᠡᠨ᠂ ᠬᠠᠷᠢᠮᠠᠬᠠᠢ ᠴᠢᠨᠠᠷ ᠢᠶᠠᠷ ᠪᠠᠭ᠎ᠠ ᠪᠠᠶᠢᠳᠠᠭ᠃ ᠲᠡᠮᠡᠬᠡᠨ ᠨᠤᠭᠳᠤ᠂ ᠪᠤᠷᠠᠮᠳᠠᠭ᠂ ᠲᠤᠭᠤᠯ ᠤᠨ ᠬᠦᠵᠦᠬᠦᠪᠴᠢ᠂ ᠤᠭᠤᠳᠠᠨ ᠤ ᠤᠭᠤᠰᠤᠷ᠂ ᠠᠷᠤᠭ ᠤᠨ ᠤᠭᠤᠰᠤᠷ ᠵᠡᠷᠭᠡ ᠶᠢ ᠲᠠᠮᠤᠳᠠᠭ᠃     ᠬᠤᠶᠠᠷ᠂ ᠲᠡᠬᠡᠰᠦ ᠲᠠᠮᠤᠬᠤ ᠠᠷᠭ᠎ᠠ ᠮᠠᠶ᠋ᠢᠭ     ᠮᠤᠩᠭᠤᠯᠴᠤᠳ ᠲᠡᠭᠡᠰᠦ ᠶᠢ ᠪᠦᠷ ᠠᠯᠠᠭ᠎ᠠ ᠪᠠᠷ ᠢᠶᠠᠨ ᠨᠢᠳᠬᠡᠷᠡᠨ ᠡᠷᠴᠢᠯᠠᠵᠦ ᠲᠠᠮᠤᠳᠠᠭ᠂ ᠬᠡᠳᠦᠢ ᠬᠦᠴᠦᠳᠡᠢ ᠨᠢᠳᠬᠡᠬᠦ ᠲᠤᠳᠤᠮ ᠡᠷᠴᠢ ᠨᠢ ᠲᠠᠳᠦᠢ ᠴᠢᠩᠭ᠎ᠠ ᠪᠤᠯᠳᠠᠭ ᠵᠦᠢᠳᠡᠢ ᠃ ᠡᠷᠴᠢ ᠰᠠᠶᠢᠳᠠᠢ ᠲᠡᠬᠡᠰᠦ ᠡᠭᠡᠭᠡ ᠮᠤᠭᠠᠢ ᠮᠡᠳᠦ ᠬᠦᠷᠪᠡᠯᠵᠡᠵᠦ ᠪᠠᠶᠢᠳᠠᠭ᠃     ᠲᠡᠭᠡᠰᠦ ᠲᠠᠮᠤᠬᠤ ᠳᠠᠭᠠᠨ ᠶᠠᠭᠤᠨ ᠤ ᠡᠮᠦᠨ᠎ᠡ᠂ ᠨᠤᠤᠰᠤ᠂ ᠬᠢᠯᠭᠠᠰᠤ᠂ ᠵᠤᠭᠳᠤᠷ᠂ ᠰᠤᠷ ᠢᠶᠠᠨ ᠡᠷᠬᠡᠪᠰᠢ ᠲᠦᠬᠦᠮ ᠠᠷᠭ᠎ᠠ ᠪᠠᠷ ᠪᠤᠯᠪᠠᠰᠤᠷᠠᠭᠤᠯᠬᠤ ᠴᠢᠬᠤᠯᠠᠳᠠᠢ ᠪᠠᠶᠢᠳᠠᠭ᠃ ᠦᠬᠡᠷ᠎ᠡ ᠪᠠᠷ ᠬᠡᠯᠡᠪᠡᠯ ᠲᠠᠮᠤᠬᠤ ᠨᠦᠬᠦᠴᠡᠯ ᠢ ᠪᠦᠷᠢᠯᠳᠦᠬᠦᠯᠬᠦ ᠶᠠᠪᠤᠳᠠᠯ ᠪᠤᠯᠤᠨ᠎ᠠ᠃     ᠨᠤᠤᠰᠤ ᠰᠠᠪᠠᠭᠠᠳᠠᠬᠤ ᠠᠷᠭ᠎ᠠ᠄  ᠲᠡᠭᠰᠢ ᠭᠠᠵᠠᠷ ᠢ ᠰᠤᠩᠭᠤᠵᠤ ᠪᠠᠶᠢᠭᠠᠳ ᠠᠳᠠᠰᠭ᠎ᠠ ᠪᠠᠨ ᠲᠠᠪᠢᠰᠴᠤ ᠲᠡᠭᠡᠷ᠎ᠡ ᠨᠢ ᠨᠤᠤᠰᠤ ᠪᠠᠨ ᠲᠡᠯᠬᠡᠨ᠎ᠡ᠂ ᠬᠡᠮᠵᠢᠶ᠎ᠡ ᠶᠢ  ᠨᠢ ᠵᠤᠬᠢᠰᠳᠠᠢ ᠲᠤᠬᠢᠷᠠᠭᠤᠯᠬᠤ ᠴᠢᠬᠤᠯᠠᠳᠠᠢ᠃ ᠰᠠᠪᠠᠭ᠎ᠠ ᠮᠤᠳᠤ ᠪᠠᠨ ᠨᠢᠬᠡ ᠨᠢᠬᠡ ᠭᠠᠷ ᠲᠠᠭᠠᠨ ᠪᠠᠷᠢᠵᠤ ᠪᠠᠶᠢᠭᠠᠳ ᠨᠤᠤᠰᠤᠨ ᠲᠡᠭᠡᠷ᠎ᠡ ᠪᠠᠨ ᠵᠦᠷᠢᠬᠦᠯᠵᠦ ᠭᠤᠶᠠᠳᠠᠨ᠎ᠠ᠂ ᠭᠤᠶᠠᠳᠠᠭᠰᠠᠨ ᠰᠠᠪᠠᠭ᠎ᠠ ᠪᠠᠨ ᠠᠷᠤᠭᠰᠢ ᠪᠠᠨ ᠲᠠᠳᠠᠰᠬᠢᠨ ᠰᠤᠭᠤᠯᠠᠵᠤ ᠠᠪᠤᠭᠠᠳ ᠨᠦᠬᠦᠬᠡ ᠰᠠᠪᠠᠭ᠎ᠠ ᠪᠠᠷ ᠢᠶᠠᠨ ᠭᠤᠶᠠᠳᠠᠵᠤ ᠠᠳᠠᠯᠢ ᠶᠤᠰᠤ ᠪᠠᠷ ᠰᠠᠪᠠᠭ᠎ᠠ ᠪᠠᠨ ᠠᠷᠤᠭᠰᠢ ᠪᠠᠨ ᠲᠠᠳᠠᠰᠬᠢᠨ ᠰᠤᠭᠤᠯᠠᠵᠤ ᠠᠪᠤᠨ᠎ᠠ᠃ ᠰᠠᠪᠠᠭᠠᠳᠠᠬᠤ ᠬᠡᠮᠵᠢᠶ᠎ᠡ ᠨᠢ ᠠᠳᠠᠯᠢ ᠦᠬᠡᠢ ᠪᠠᠶᠢᠳᠠᠭ᠂ ᠲᠤᠭᠤᠰᠤ ᠰᠢᠷᠤᠢ ᠪᠠᠭ᠎ᠠ᠂ ᠴᠢᠬᠢᠭ ᠦᠬᠡᠢ ᠪᠤᠯ ᠬᠢᠯᠪᠡᠷ ᠲᠦᠬᠦᠮ ᠪᠠᠶᠢᠳᠠᠭ᠂ ᠶᠠᠮᠠᠷ ᠪᠠᠶᠢᠭᠰᠠᠨ ᠴᠤ ᠰᠠᠪᠠᠭᠠᠳᠠᠵᠤ ᠪᠠᠶᠢᠭ᠎ᠠ ᠨᠣᠣᠰᠣ ᠨᠢ ᠪᠦᠷ ᠵᠠᠳᠠᠷᠠᠵᠤ ᠰᠡᠪᠡᠶᠢᠬᠡᠳ ᠬᠤᠭ ᠲᠤᠭᠤᠰᠤ ᠨᠢ ᠤᠨᠠᠭᠰᠠᠨ ᠪᠠᠶᠢᠬᠤ ᠪᠠᠷ ᠪᠠᠷᠢᠮᠵᠢᠶ᠎ᠠ ᠪᠤᠯᠭᠠᠨ᠎ᠠ᠃ ᠪᠠᠷᠢᠮᠵᠢᠶᠠᠨ ᠳᠤ ᠬᠦᠷᠳᠡᠯ᠎ᠡ ᠰᠠᠪᠠᠭᠠᠳᠠᠭᠰᠠᠨ ᠤ ᠲᠠᠷᠠᠭ᠎ᠠ᠂ ᠦᠬᠡᠷ᠎ᠡ ᠨᠢᠬᠡᠨ ᠲᠡᠪᠢᠰᠬᠡᠷ ᠲᠡᠭᠡᠷ᠎ᠡ ᠨᠤᠤᠰᠤ ᠪᠠᠨ ᠭᠠᠷᠭᠠᠵᠤ ᠠᠪᠤᠭᠠᠳ ᠵᠢᠭᠠᠬᠠᠨ ᠤᠰᠤ ᠰᠠᠪᠠᠷᠠᠨ ᠴᠢᠬᠢᠭᠳᠡᠬᠦᠯᠵᠦ ᠤᠷᠢᠶᠠᠵᠤ ᠠᠪᠤᠨ᠎ᠠ᠃ ᠬᠢᠯᠭᠠᠰᠤ ᠶᠢ ᠪᠤᠯ ᠵᠠᠪᠠᠯ ᠤᠷᠠᠨ᠎ᠠ᠃ ᠦᠬᠡᠷ᠎ᠡ ᠪᠠᠷ ᠬᠡᠯᠡᠪᠡᠯ ᠠᠳᠣᠭᠤᠨ ᠤ ᠲᠡᠯ ᠢ ᠲᠤᠰ ᠲᠤᠰ ᠢᠶᠠᠷ ᠨᠢ ᠪᠠᠷᠢᠵᠤ ᠪᠠᠶᠢᠭᠠᠳ ᠨᠢᠬᠡ ᠨᠢᠬᠡ ᠰᠢᠷᠬᠡᠭ ᠢᠶᠠᠷ ᠤᠷᠠᠵᠤ ᠵᠠᠳᠠᠯᠤᠨ᠎ᠠ᠃ ᠡᠭᠦᠨ ᠳᠤ ᠶᠠᠮᠠᠷᠴᠤ ᠪᠠᠭᠠᠵᠢ ᠬᠡᠷᠡᠭᠰᠡᠯ ᠬᠡᠷᠡᠭᠰᠡᠬᠦ ᠦᠬᠡᠢ᠂ ᠨᠢᠬᠡ ᠬᠡᠰᠡᠭ ᠠᠳᠠᠰᠭ᠎ᠠ ᠪᠤᠶᠤ ᠢᠰᠡᠬᠡᠢ ᠪᠠᠶᠢᠪᠠᠯ ᠪᠤᠯᠴᠢᠬᠠᠨ᠎ᠠ᠂ ᠲᠡᠭᠡᠷ᠎ᠡ ᠲᠡᠭᠡᠷ᠎ᠡ ᠨᠢ ᠤᠷᠠᠭᠰᠠᠭᠠᠷ ᠪᠠᠶᠢᠵᠤ ᠨᠡᠯᠢᠶᠡᠳ ᠬᠡᠮᠵᠢᠶᠡᠨ ᠳᠤ ᠬᠦᠷᠦᠭᠰᠡᠨ ᠦᠶ᠎ᠡ ᠳᠤ ᠵᠢᠭᠠᠬᠠᠨ ᠤᠰᠤ ᠰᠠᠪᠠᠷᠠᠵᠤ ᠪᠠᠶᠢᠭᠠᠳ ᠤᠷᠢᠶᠠᠵᠤ ᠠᠪᠤᠨ᠎ᠠ᠃     ᠵᠤᠭᠳᠤᠷ ᠢ ᠨᠢ ᠤᠷᠠᠬᠤ ᠠᠷᠭ᠎ᠠ᠄ ᠠᠳᠣᠭᠤᠨ ᠲᠡᠯ ᠤᠷᠠᠳᠠᠭ ᠶᠤᠰᠤᠭᠠᠷ ᠨᠢᠬᠡ ᠨᠢᠬᠡ ᠰᠢᠷᠬᠡᠭ ᠢᠶᠠᠷ ᠨᠢ ᠤᠷᠠᠵᠤ ᠵᠠᠳᠠᠯᠣᠨ᠎ᠠ᠂ ᠤᠷᠠᠵᠤ ᠵᠠᠳᠠᠯᠤᠭᠠᠳ ᠨᠡᠯᠢᠶᠡᠳ ᠬᠡᠮᠵᠢᠶᠡᠨ ᠳᠤ ᠬᠦᠷᠦᠭᠰᠡᠨ ᠦᠶ᠎ᠡ ᠳᠤ ᠮᠦᠨᠬᠦ ᠲᠡᠭᠡᠷ᠎ᠡ ᠨᠢ ᠵᠢᠭᠠᠬᠠᠨ ᠤᠰᠤ ᠰᠠᠪᠠᠷᠠᠵᠤ ᠪᠠᠶᠢᠭᠠᠳ ᠤᠷᠢᠶᠠᠵᠤ ᠠᠪᠤᠨ᠎ᠠ᠃     ᠰᠤᠷ ᠢ ᠨᠢ ᠤᠷᠠᠬᠤ ᠠᠷᠭ᠎ᠠ᠄  ᠮᠦᠨᠬᠦ ᠲᠠᠯ ᠵᠤᠭᠳᠤᠷ ᠤᠷᠠᠳᠠᠭ ᠲᠠᠢ ᠠᠳᠠᠯᠢ ᠤᠷᠠᠵᠤ᠂  ᠨᠡᠯᠢᠶᠡᠳ ᠬᠡᠮᠵᠢᠶᠡᠨ ᠳᠤ ᠬᠦᠷᠦᠭᠰᠡᠨ  ᠤ ᠲᠠᠷᠠᠭ᠎ᠠ ᠪᠠᠭ᠎ᠠ ᠰᠠᠭ᠎ᠠ ᠤᠰᠤ ᠰᠠᠪᠠᠷᠠᠵᠤ ᠪᠠᠶᠢᠭᠠᠳ ᠤᠷᠢᠶᠠᠵᠤ ᠠᠪᠤᠨ᠎ᠠ᠃ ᠲᠠᠷᠠᠭ᠎ᠠ ᠨᠢ ᠰᠠᠪᠠᠭᠠᠳᠠᠭᠰᠠᠨ ᠨᠤᠤᠰᠤ ᠤᠷᠠᠭᠰᠠᠨ ᠬᠢᠯᠭᠠᠰᠤ᠂ ᠵᠤᠭᠳᠤᠷ᠂ ᠰᠤᠷ ᠢᠶᠠᠨ ᠲᠦᠦᠳᠡᠭᠯᠡᠨ᠎ᠡ᠂ ᠡᠨᠡ ᠪᠤᠯ ᠲᠡᠭᠡᠰᠦ ᠲᠠᠮᠤᠬᠤ ᠬᠤᠶᠠᠳᠤᠭᠠᠷ ᠠᠯᠬᠤᠮ ᠪᠤᠯᠤᠨ᠎ᠠ᠃ ᠨᠤᠤᠰᠤ ᠬᠢᠯᠭᠠᠰᠤ ᠲᠦᠦᠳᠡᠭᠯᠡᠬᠦ ᠬᠡᠳᠡᠭ ᠨᠢ ᠰᠠᠪᠠᠭᠠᠳᠠᠬᠤ ᠤᠷᠢᠶᠠᠭᠰᠠᠨ ᠪᠠ ᠤᠷᠠᠵᠤ ᠤᠷᠢᠶᠠᠭᠰᠠᠨ ᠨᠤᠤᠰᠤ ᠬᠢᠯᠭᠠᠰᠤ ᠪᠠᠨ ᠲᠠᠮᠤᠬᠤ ᠬᠡᠵᠦ ᠪᠠᠶᠢᠭ᠎ᠠ ᠲᠡᠬᠡᠰᠦᠨ ᠤ ᠪᠠᠨ ᠨᠠᠷᠢᠨ ᠪᠦᠳᠦᠬᠦᠨ ᠢᠶᠠᠷ ᠦᠨᠳᠦᠰᠦᠯᠡᠯ ᠪᠤᠯᠭᠠᠵᠤ᠂ ᠵᠢᠭᠳᠡ ᠬᠡᠮ ᠲᠠᠢ ᠲᠠᠳᠠᠵᠤ ᠰᠤᠩᠭᠠᠵᠤ ᠪᠠᠶᠢᠭᠠᠳ ᠠᠯᠠᠭᠠᠳᠠᠨ᠎ᠠ᠂ ᠤᠷᠳᠤ ᠶᠢᠨ ᠬᠡᠮᠵᠢᠶ᠎ᠡ ᠨᠢ ᠲᠤᠬᠤᠢ ᠬᠢᠷᠢᠳᠡᠢ ᠪᠤᠯ ᠪᠤᠯᠴᠢᠬᠠᠨ᠎ᠠ᠃     ᠲᠠᠭᠡᠰᠦ ᠪᠠᠨ ᠲᠠᠮᠤᠬᠤ ᠠᠷᠭ᠎ᠠ᠄ ᠲᠡᠭᠡᠰᠦᠨ ᠤ ᠪᠠᠨ ᠨᠠᠷᠢᠨ ᠪᠦᠳᠦᠬᠦᠨ ᠢ ᠦᠨᠳᠦᠰᠦᠯᠡᠵᠦ ᠲᠦᠦᠳᠡᠭᠯᠡᠭᠰᠡᠨ ᠲᠦᠦᠳᠡᠭ ᠢᠶᠠᠨ ᠬᠤᠶᠠᠷ ᠢᠶᠠᠷ ᠠᠯᠠᠭᠠᠳᠠᠵᠤ ᠡᠷᠴᠢᠯᠡᠬᠦ ᠪᠤᠯᠤᠨ᠎ᠠ᠃ ᠠᠯᠠᠭ᠎ᠠ ᠪᠠᠨ ᠰᠠᠶᠢᠳᠤᠷ ᠲᠡᠯᠬᠡᠵᠦ᠂ ᠲᠦᠦᠳᠡᠭ ᠤᠨ ᠢᠶᠠᠨ ᠬᠤᠶᠠᠷ ᠰᠠᠯᠠᠭ᠎ᠠ ᠶᠢ ᠨᠡᠶᠢᠯᠡᠬᠦᠯᠬᠦ ᠦᠬᠡᠢ ᠪᠠᠷ ᠬᠦᠴᠦᠳᠡᠢ ᠠᠯᠠᠭᠠᠳᠠᠵᠤ ᠨᠡᠶᠢᠳᠬᠡᠪᠡᠯ ᠲᠠᠳᠤᠢ ᠴᠢᠩᠭ᠎ᠠ ᠡᠷᠴᠢ ᠰᠠᠭᠤᠳᠠᠭ᠂ ᠲᠡᠭᠡᠰᠦ ᠲᠠᠮᠤᠬᠤ ᠦᠶ᠎ᠡ ᠳᠤ ᠠᠯᠠᠭ᠎ᠠ ᠪᠠᠨ ᠵᠢᠭᠠᠬᠠᠨ ᠨᠤᠷᠭᠠᠪᠠᠯ ᠠᠯᠠᠭᠠᠨ ᠳᠤ ᠬᠠᠯᠠ ᠦᠬᠡᠢ ᠮᠦᠷᠳᠡᠬᠡᠨ ᠲᠡᠬᠡᠰᠦᠨ ᠤ ᠡᠷᠴᠢ ᠴᠢᠩᠭᠠᠷᠠᠬᠤ ᠳᠤ ᠰᠠᠶᠢᠨ ᠪᠠᠶᠢᠳᠠᠭ᠃     ᠲᠠᠭᠡᠰᠦ ᠲᠠᠮᠤᠬᠤ  ᠳᠤ ᠠᠩᠬᠠᠷᠤᠰᠢᠳᠠᠢ ᠵᠦᠢᠯ᠄  1. ᠲᠡᠭᠡᠰᠦᠨ ᠤ ᠡᠬᠢᠯᠡᠯᠳᠡ ᠶᠢ ᠡᠷᠬᠡᠪᠰᠢ ᠰᠠᠶᠢᠨ ᠡᠬᠢᠯᠡᠬᠦ ᠬᠡᠷᠡᠭᠳᠡᠢ᠃ ᠨᠢᠬᠡ ᠨᠡᠯᠢᠶᠡᠳ ᠤᠷᠳᠤ ᠰᠢᠭ ᠲᠦᠦᠳᠡᠭ ᠪᠡᠯᠡᠳᠬᠡᠵᠦ  ᠠᠪᠤᠭᠠᠳ ᠲᠡᠭᠦᠨ ᠢᠶᠠᠨ  ᠪᠦᠭᠳᠡᠷᠡᠵᠦ ᠪᠠᠶᠢᠭᠠᠳ ᠲᠠᠮᠤᠵᠤ ᠡᠬᠢᠯᠡᠬᠦ ᠴᠢᠬᠤᠯᠠᠳᠠᠢ᠂ ᠢᠩᠭᠢᠪᠡᠯ ᠲᠡᠭᠡᠰᠦᠨ ᠤ ᠦᠵᠦᠬᠦᠷ ᠰᠠᠭᠠᠷᠠᠵᠤ ᠵᠠᠳᠠᠷᠠᠬᠤ ᠦᠬᠡᠢ ᠪᠠᠶᠢᠳᠠᠭ︔ 2.  ᠲᠠᠮᠤᠵᠤ ᠪᠠᠶᠢᠭ᠎ᠠ ᠲᠡᠭᠡᠰᠦ ᠪᠠ ᠲᠦᠦᠳᠡᠭ ᠤᠨ ᠵᠠᠭᠠᠰᠤ ᠶᠢ ᠰᠠᠶᠢᠨ ᠵᠠᠯᠭᠠᠵᠤ ᠴᠢᠳᠠᠬᠤ ᠡᠰᠡᠬᠦ ᠨᠢ ᠲᠡᠬᠡᠰᠦᠨ ᠤ ᠴᠢᠨᠠᠷ ᠴᠢᠨᠰᠠᠭ᠎ᠠ ᠲᠠᠢ ᠮᠠᠰᠢ ᠶᠡᠭᠡ ᠬᠤᠯᠪᠤᠭᠳᠠᠯ ᠲᠠᠢ ᠪᠠᠶᠢᠳᠠᠭ︔  3. ᠲᠦᠦᠳᠡᠭ ᠤᠨ ᠵᠠᠯᠭᠠᠰᠤ ᠶᠢ ᠵᠦᠷᠢᠬᠦᠯᠬᠦ ᠴᠢᠬᠤᠯᠠᠳᠠᠢ᠃ ᠦᠬᠡᠷ᠎ᠡ ᠪᠠᠷ ᠬᠡᠯᠡᠪᠡᠯ ᠲᠠᠮᠤᠵᠤ ᠪᠠᠶᠢᠭ᠎ᠠ ᠲᠡᠭᠡᠰᠦᠨ ᠤ ᠪᠠᠨ ᠬᠤᠶᠠᠷ ᠰᠠᠯᠠᠭᠠᠨ ᠤ ᠵᠠᠯᠭᠠᠰᠤ ᠶᠢ ᠨᠢᠬᠡ ᠲᠤᠤᠷ᠎ᠠ ᠪᠠᠶᠢᠯᠭᠠᠵᠤ ᠪᠤᠯᠬᠤ ᠦᠬᠡᠢ᠂ ᠵᠠᠪᠠᠯ ᠨᠡᠯᠢᠶᠡᠳ ᠵᠠᠶᠢᠳᠠᠢ ᠵᠠᠯᠭᠠᠨ᠎ᠠ᠂ ᠡᠨᠡ ᠨᠢ ᠮᠦᠨᠴᠦ ᠲᠡᠭᠡᠰᠦᠨ ᠤ ᠴᠢᠨᠠᠷ ᠴᠢᠨᠰᠠᠭ᠎ᠠ ᠲᠠᠢ ᠬᠤᠯᠪᠤᠭ᠎ᠠ ᠲᠠᠢ ᠪᠠᠶᠢᠳᠠᠭ︔  4. ᠲᠡᠬᠡᠰᠦ ᠲᠠᠮᠤᠵᠤ ᠪᠠᠶᠢᠭ᠎ᠠ ᠦᠶᠡᠰ ᠨᠢᠬᠡ ᠲᠦᠦᠳᠡᠭ ᠪᠠᠷᠠᠵᠤ ᠲᠡᠬᠢᠵᠦ ᠨᠢᠬᠡ ᠶᠢ ᠵᠠᠯᠭᠠᠬᠤ ᠬᠡᠪᠡᠯ᠂ ᠵᠠᠪᠠᠯ ᠲᠡᠭᠡᠰᠦᠨ ᠤ ᠪᠠᠨ ᠡᠷᠴᠢ ᠶᠢ ᠡᠰᠡᠷᠬᠦ ᠵᠦᠭ ᠨᠢ ᠪᠤᠴᠠᠭᠠᠵᠤ ᠠᠯᠠᠭᠠᠳᠠᠨ ᠵᠤᠭᠰᠤᠭᠠᠬᠤ ᠬᠡᠷᠡᠭᠳᠡᠢ᠂ ᠢᠩᠭᠢᠪᠠᠯ ᠰᠠᠶ᠋ᠢ ᠲᠠᠮᠤᠵᠤ ᠪᠠᠶᠢᠭ᠎ᠠ ᠲᠡᠭᠡᠰᠦᠨ ᠤ ᠡᠷᠴᠢ ᠨᠢ ᠪᠤᠴᠠᠵᠤ ᠵᠠᠳᠠᠷᠠᠬᠤ ᠠᠴᠠ ᠵᠠᠶᠢᠯᠠᠰᠬᠢᠵᠦ ᠴᠢᠳᠠᠳᠠᠭ᠃                       
ᠢᠷᠡᠯᠲᠡ᠄ ᠪᠠᠶᠠᠨᠨᠠᠭᠤᠷ ᠤᠨ ᠰᠤᠨᠢᠨ