ᠵᠦᠢᠷ ᠰᠡᠴᠡᠨ ᠦᠬᠡ
ᠨᠡᠶᠢᠲᠡᠯᠡᠭᠰᠡᠨ ᠴᠠᠭ᠄
2021/11/26
 ᠠᠵᠢᠯ ᠦᠬᠡᠢ ᠪᠤᠯ ᠠᠶᠢᠯ ᠬᠤᠭᠤᠰᠣᠷᠠᠨ᠎ᠠ ᠠᠳᠤᠭᠤ ᠦᠬᠡᠢ ᠪᠤᠯ ᠬᠦᠮᠦᠨ ᠬᠤᠭᠤᠰᠣᠷᠠᠨ᠎ᠠ ᠭᠠᠩᠭᠠᠩ ᠬᠦᠮᠦᠨ ᠲᠡᠪᠡᠯ ᠳᠤ ᠲᠤᠷ᠎ᠠ ᠦᠬᠡᠢ  ᠭᠠᠩᠬᠠᠨ ᠲᠡᠮᠡᠭᠡ ᠢᠵᠢᠯᠢ ᠳᠤ ᠲᠤᠷ᠎ᠠ ᠦᠬᠡᠢ ᠰᠠᠶᠢᠨ ᠬᠦᠮᠦᠨ ᠬᠡᠵᠦ ᠭᠠᠶᠢᠬᠠᠬᠤ ᠬᠡᠷᠡᠭ ᠦᠬᠡᠢ ᠮᠠᠭᠤ ᠬᠦᠮᠦᠨ ᠬᠡᠵᠦ ᠮᠠᠭᠤᠰᠢᠶᠠᠬᠤ ᠬᠡᠷᠡᠭ ᠦᠬᠡᠢ ᠱᠠᠬᠠᠢ ᠮᠠᠭᠤ ᠪᠤᠯ ᠶᠠᠪᠤᠵᠤ ᠲᠦᠬᠦᠬᠦ ᠦᠬᠡᠢ  ᠨᠦᠬᠦᠳ ᠮᠠᠭᠤ ᠪᠤᠯ ᠦᠬᠡᠳᠡᠯᠡᠵᠦ ᠴᠢᠳᠠᠬᠤ ᠦᠬᠡᠢ ᠬᠡᠷᠡᠭ ᠦᠬᠡᠢ ᠪᠤᠯ ᠬᠦᠮᠦᠨ ᠢᠷᠡᠭᠦ ᠦᠬᠡᠢ ᠰᠡᠭ ᠦᠬᠡᠢ ᠪᠤᠯ ᠬᠡᠷᠢᠶ᠎ᠡ ᠡᠷᠬᠢᠬᠦ ᠦᠬᠡᠢ ᠪᠤᠯᠠᠭ ᠴᠤ ᠪᠤᠷᠤᠭᠠᠨ ᠦᠬᠡᠢ ᠪᠤᠯ ᠬᠠᠳᠠᠳᠠᠭ ᠪᠤᠷᠬᠠᠨ ᠴᠤ ᠨᠦᠬᠦᠳ ᠦᠬᠡᠢ ᠪᠤᠯ ᠭᠠᠭᠴᠠᠭᠠᠷᠳᠠᠳᠠᠭ ᠰᠠᠶᠢᠨ ᠬᠦᠮᠦᠨ ᠬᠢᠵᠦ ᠮᠠᠭᠳᠠᠭᠳᠠᠨ᠎ᠠ ᠮᠠᠭᠤ ᠬᠦᠮᠦᠨ ᠵᠤᠭᠰᠤᠵᠤ ᠬᠠᠷᠢᠶᠠᠭᠳᠠᠨ᠎ᠠ ᠬᠤᠵᠢᠷ ᠲᠠᠢ ᠣᠰᠣ ᠪᠠᠷ ᠬᠤᠭᠤᠯᠠ ᠪᠢᠳᠡᠬᠡᠢ ᠬᠢ ᠬᠤᠳᠠᠯᠴᠢ ᠬᠦᠮᠦᠨ ᠢᠶᠠᠷ ᠬᠡᠷᠡᠴᠢ ᠪᠢᠳᠡᠬᠢ ᠬᠢ ᠨᠤᠬᠠᠢ ᠢᠳᠡᠰᠢ ᠬᠠᠷᠠᠮᠨᠠᠵᠦ ᠬᠦᠮᠦᠨ ᠵᠠᠭᠤᠨ᠎ᠠ ᠨᠣᠶᠠᠨ ᠠᠰᠢᠭ ᠪᠤᠯᠢᠶᠠᠯᠳᠤᠵᠤ ᠬᠦᠮᠦᠨ ᠠᠯᠠᠨ᠎ᠠ ᠪᠤᠯᠠᠭ ᠤᠨ ᠣᠰᠣ ᠰᠢᠭ᠋ ᠲᠤᠩᠭᠠᠯᠠᠭ ᠪᠤᠭᠳᠠ ᠶᠢᠨ ᠡᠷᠳᠡᠨᠢ ᠰᠢᠭ ᠡᠷᠬᠢᠮ ᠠᠰᠢᠭ ᠢ ᠠᠯᠳᠠᠪᠠᠯ ᠤᠯᠵᠤ ᠪᠤᠯᠤᠨ᠎ᠠ ᠠᠮᠠ ᠶᠢ ᠠᠯᠳᠠᠪᠠᠯ ᠤᠯᠵᠤ ᠪᠤᠯᠬᠤ ᠦᠬᠡᠢ ᠰᠠᠶᠢᠨ ᠬᠦᠮᠦᠨ ᠠᠵᠢᠯ ᠢᠶᠠᠨ ᠪᠤᠳᠤᠵᠤ ᠶᠠᠪᠤᠳᠠᠭ ᠮᠠᠭᠤ ᠬᠦᠮᠦᠨ ᠠᠪᠬᠤ ᠪᠠᠨ ᠪᠤᠳᠤᠵᠤ ᠶᠠᠪᠤᠳᠠᠭ ᠪᠤᠭᠤ ᠡᠪᠡᠷ ᠢᠶᠠᠨ ᠬᠠᠶᠢᠷᠠᠯᠠᠳᠠᠭ ᠬᠦᠮᠦᠨ ᠨᠡᠷ᠎ᠡ ᠪᠠᠨ ᠬᠠᠶᠢᠷᠠᠯᠠᠳᠠᠭ ᠬᠤᠳᠳᠤᠭ ᠢ ᠮᠠᠯᠳᠠᠬᠤ ᠲᠤᠳᠤᠮ ᠬᠦᠨᠵᠡᠭᠡᠶᠢᠷᠡᠨ᠎ᠡ ᠬᠦᠮᠦᠨ ᠶᠠᠪᠤᠬᠤ ᠲᠤᠳᠤᠮ ᠮᠡᠷᠭᠡᠵᠢᠨ᠎ᠡ ᠨᠤᠶᠢᠷ ᠲᠠᠢ ᠬᠤᠨᠤᠪᠠᠯ ᠨᠢᠬᠡ ᠰᠦᠨᠢ ᠶᠢᠨ ᠵᠢᠷᠭᠠᠯ ᠵᠤᠭᠤᠰ ᠲᠠᠢ ᠶᠠᠪᠤᠪᠠᠯ ᠨᠢᠬᠡ ᠨᠠᠰᠤᠨ ᠤ ᠵᠢᠷᠭᠠᠯ ᠬᠡᠴᠡᠬᠦᠦ ᠬᠦᠮᠦᠨ ᠳᠤ ᠨᠢᠬᠡ ᠯᠡ ᠦᠬᠡ ᠵᠢᠷᠤᠭ᠎ᠠ ᠮᠤᠷᠢᠨ ᠳᠤ ᠨᠢᠬᠡ ᠯᠡ ᠲᠠᠰᠢᠭᠤᠷ ᠬᠤᠴᠠ ᠠᠭᠳᠠᠯᠠᠪᠠᠯ ᠬᠤᠷᠤᠭ᠎ᠠ ᠬᠤᠭᠤᠰᠤᠷᠠᠨ᠎ᠠ ᠬᠤᠷᠢᠮ ᠤᠯᠠᠳᠠᠪᠠᠯ ᠬᠡᠷ ᠬᠤᠭᠤᠰᠤᠷᠠᠨ᠎ᠠ ᠬᠡᠷᠢᠶ᠎ᠡ ᠲᠤᠤᠭᠠᠷᠪᠠᠯ ᠴᠢᠨ᠋ᠸ᠎ᠡ  ᠢᠷᠡᠨ᠎ᠡ ᠬᠡᠷᠡᠭᠦᠯ ᠪᠤᠯᠪᠠᠯ ᠵᠤᠳᠤᠭᠠᠨ ᠢᠷᠡᠨ᠎ᠡ ᠠᠵᠢᠯᠴᠢ ᠬᠦᠮᠦᠨ ᠠᠮᠢ ᠵᠢᠭᠤᠬᠤ ᠳᠠᠭᠠᠨ ᠰᠠᠶᠢᠨ ᠵᠢᠷᠤᠭ᠎ᠠ ᠮᠣᠷᠢ ᠵᠠᠮ ᠲᠦᠭᠦᠭᠦ ᠳᠡᠭᠡᠨ ᠰᠠᠶᠢᠨ ᠠᠴᠢ ᠶᠢᠨ ᠬᠠᠷᠢᠭᠤ ᠰᠦ ᠠᠵᠢᠯ ᠤᠨ ᠬᠠᠷᠢᠭᠤ ᠪᠦᠳᠦᠬᠡᠯ 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ