ᠰᠠᠭᠠᠯᠢ ᠶᠢᠨ ᠠᠷᠢᠬᠢ
ᠨᠡᠶᠢᠲᠡᠯᠡᠭᠰᠡᠨ ᠴᠠᠭ᠄
2021/11/25
     ᠠᠷᠢᠬᠢ ᠨᠡᠷᠡᠬᠦ ᠳᠤ ᠲᠤᠮᠤ ᠰᠢᠷᠡᠮᠦᠨ ᠲᠤᠭᠤᠭ᠎ᠠ᠂ ᠪᠦᠷᠬᠦᠭᠡᠷ᠂ ᠵᠢᠯᠠᠪᠴᠢ᠂ ᠲᠤᠰᠬᠤᠭᠤᠷ ᠵᠡᠷᠭᠡ ᠶᠢ ᠬᠡᠷᠡᠭᠯᠡᠳᠡᠭ᠃ ᠪᠦᠷᠬᠦᠭᠡᠷ ᠢ ᠪᠤᠷᠭᠠᠰᠤ ᠳᠤ ᠭᠦᠷᠦᠵᠦ ᠬᠢᠭᠡᠳ ᠰᠢᠪᠠᠭ᠋ᠤ ᠪᠣᠶᠣ ᠵᠦᠰᠦᠮᠡᠯ ᠮᠣᠳᠣ ᠶᠢ ᠰᠢᠭᠠᠵᠤ ᠬᠢᠬᠦ ᠪᠠ ᠪᠦᠳᠦᠭᠦᠨ ᠮᠣᠳᠣ ᠶᠢ ᠮᠠᠯᠳᠠᠵᠤ ᠬᠢᠳᠡᠭ᠃ ᠠᠷᠢᠬᠢ ᠨᠡᠷᠡᠬᠦ ᠳᠤ ᠪᠠᠨ ᠪᠦᠷᠭᠦᠬᠡᠷ ᠤᠨ ᠳᠤᠤᠷᠠᠲᠤ ᠠᠮᠠᠰᠠᠷ ᠢ ᠲᠤᠭᠤᠭᠠᠨ ᠤ ᠢᠷᠮᠡᠭ ᠲᠠᠢ ᠬᠡᠢ ᠵᠠᠢ ᠦᠭᠡᠢ ᠨᠠᠭᠠᠯᠳᠤᠭᠤᠯᠤᠨ ᠲᠠᠯᠪᠢᠵᠤ᠂ ᠪᠦᠷᠬᠦᠭᠡᠷ ᠳᠤᠲᠤᠷ᠎ᠠ ᠵᠢᠯᠠᠪᠴᠢ ᠶᠢᠨ ᠬᠦᠢᠰᠦᠨ ᠳᠤᠤᠷ᠎ᠠ ᠲᠤᠰᠬᠤᠭᠤᠷ ᠰᠠᠪᠠ ᠪᠠᠨ ᠲᠡᠭᠰᠢᠬᠡᠨ ᠳᠡᠭᠦᠵᠢᠯᠡᠵᠦ᠂ ᠪᠦᠷᠬᠦᠭᠡᠷ ᠤᠨ ᠳᠡᠭᠡᠳᠦ ᠠᠮᠠᠰᠠᠷ ᠲᠤ ᠵᠢᠯᠠᠪᠴᠢ ᠪᠠᠨ ᠲᠠᠭᠠᠷᠠᠭᠤᠯᠤᠨ ᠲᠡᠭᠰᠢᠬᠡᠨ ᠲᠠᠯᠪᠢᠨ᠎ᠡ᠃ ᠲᠡᠭᠡᠭᠡᠳ ᠵᠢᠭᠲᠡ ᠭᠠᠯ ᠢᠶᠠᠷ ᠴᠠᠭ᠎ᠠ ᠪᠠᠨ ᠬᠠᠯᠠᠭᠠᠵᠤ᠂ ᠵᠢᠯᠠᠪᠴᠢᠨ ᠳᠤ ᠬᠦᠢᠲᠡᠨ ᠤᠰᠤ ᠬᠢᠵᠦ ᠰᠠᠮᠤᠷᠤᠨ᠎ᠠ᠃ ᠵᠢᠯᠠᠪᠴᠢᠨ ᠤ ᠤᠰᠤ ᠬᠠᠯᠠᠪᠠᠯ ᠠᠭᠤᠳᠠᠯᠤᠨ ᠠᠪᠴᠤ ᠳᠠᠬᠢᠨ ᠬᠦᠢᠲᠡᠨ ᠤᠰᠤ ᠪᠠᠷ ᠰᠣᠯᠢᠨ᠎ᠠ᠃ ᠡᠨᠡ ᠮᠡᠲᠦ ᠪᠠᠷ ᠤᠰᠤ ᠶᠢ 4~6 ᠣᠳᠠᠭ᠎ᠠ ᠰᠣᠯᠢᠨ᠎ᠠ᠃ ᠡᠨᠡ ᠮᠡᠲᠦ ᠪᠠᠷ ᠨᠡᠷᠡᠵᠦ ᠭᠠᠷᠭᠠᠭᠰᠠᠨ ᠠᠷᠢᠬᠢ ᠪᠠᠨ ᠪᠢᠲᠡᠭᠦᠦ ᠪᠣᠭᠤᠵᠣ ᠲᠠᠯᠪᠢᠭᠠᠳ ᠬᠦᠷᠦᠭᠡᠪᠡᠯ ᠳᠠᠷᠤᠢ ᠠᠷᠢᠬᠢ ᠨᠡᠷᠡᠬᠦ ᠪᠦᠬᠦ ᠶᠠᠪᠤᠴᠠ ᠳᠠᠭᠤᠰᠳᠠᠭ᠃ ᠠᠷᠢᠬᠢ ᠶᠢ ᠳᠠᠬᠢᠨᠲᠠ ᠨᠡᠷᠡᠵᠦ ᠪᠣᠯᠳᠠᠭ᠃ ᠡᠶᠢᠮᠦ ᠠᠴᠠ ︽ᠠᠷᠪᠠᠨ ᠲᠤᠭᠤᠭᠠᠨ ᠤ ᠠᠷᠠᠵᠠ ᠂ ᠬᠤᠷᠢᠨ ᠲᠤᠭᠤᠭᠠᠨ ᠤ ᠬᠤᠷᠠᠵᠠ︾ ᠬᠡᠯᠴᠡᠳᠡᠭ᠃ ᠤᠰᠤ ᠶᠢ ᠬᠡᠳᠦ ᠠᠷᠪᠢᠨ ᠰᠣᠯᠢᠪᠠᠯ ᠠᠷᠢᠬᠢᠨ ᠤ ᠬᠦᠴᠦ ᠰᠤᠯᠠᠷᠠᠨ᠂ ᠤᠰᠤ ᠨᠢ ᠬᠡᠳᠦ ᠪᠠᠭᠠᠳᠪᠠᠯ ᠠᠷᠢᠬᠢ ᠳᠡᠩᠳᠡᠭᠦᠦ ᠬᠦᠴᠦ ᠲᠠᠢ ᠪᠣᠯᠣᠨ᠎ᠠ᠃ ᠠᠷᠢᠬᠢᠨ ᠤ ᠴᠢᠨᠠᠷ ᠢ ᠰᠢᠯᠭᠠᠬᠤ ᠳᠤ ᠬᠠᠯᠠᠭᠤᠨ ᠠᠷᠢᠬᠢᠨ ᠤ ᠳᠡᠭᠡᠵᠢ ᠶᠢ ᠭᠠᠯ ᠳᠤ ᠡᠷᠭᠦᠬᠦ ᠳᠤ ᠤᠨᠲᠠᠷᠠᠬᠤ ᠰᠢᠨᠵᠢ ᠲᠠᠢ ᠪᠣᠯ ᠰᠤᠯᠠᠪᠲᠤᠷ᠂ ᠬᠠᠷᠢᠨ ᠲᠦᠷ ᠭᠢᠲᠡᠯ᠎ᠡ ᠭᠠᠯ ᠮᠠᠨᠳᠤᠪᠠᠯ ᠬᠦᠴᠦᠲᠡᠢ ᠰᠠᠶᠢᠨ ᠠᠷᠢᠬᠢ ᠪᠣᠯᠣᠨ᠎ᠠ᠃ 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ