ᠪᠠᠭ᠎ᠠ ᠰᠢᠭᠡᠲᠡᠢ ᠶᠢᠨ ᠰᠤᠶᠤᠯ ᠲᠡᠦᠬᠡ ᠵᠠᠩ ᠦᠢᠯᠡ ᠶᠢᠨ ᠵᠤᠭᠠᠴᠠᠯ ᠤᠨ ᠤᠷᠤᠨ
ᠨᠡᠶᠢᠲᠡᠯᠡᠭᠰᠡᠨ ᠴᠠᠭ᠄
2021/11/24
      ᠭᠤᠣᠯᠳᠠᠭᠤ ᠪᠠᠭ᠎ᠠ ᠰᠢᠭᠡᠲᠡᠢ ᠶᠢᠨ ᠴᠢᠨ ᠤᠯᠤᠰ ᠤᠨ ᠤᠷᠲᠤ ᠴᠠᠭᠠᠨ ᠬᠡᠷᠡᠮ᠂ ᠽᠧᠩ ᠯᠦᠩ ᠴᠠᠩ ᠤᠰᠤᠨ ᠴᠦᠬᠦᠷᠦᠮ᠂ ᠭᠤᠸᠠᠩ ᠯᠦ ᠰᠠᠢ ᠪᠣᠭᠤᠮᠲᠠ ᠶᠢᠨ ᠡᠷᠲᠡᠨ ᠤ ᠬᠤᠲᠠ ᠶᠢᠨ ᠪᠠᠭᠤᠷᠢ᠂ ᠮᠣᠨᠠ ᠠᠭᠤᠯᠠ ᠶᠢᠨ ᠬᠠᠳᠠᠨ ᠵᠢᠷᠤᠭ ᠵᠡᠷᠭᠡ ᠶᠢ ᠪᠠᠭᠲᠠᠭᠠᠨ᠎ᠠ᠃

秦长城1.jpg

      1. ᠪᠠᠭ᠎ᠠ ᠰᠢᠭᠡᠲᠡᠢ ᠶᠢᠨ ᠴᠢᠩ ᠤᠯᠤᠰ ᠤᠨ ᠤᠷᠲᠦ ᠴᠠᠭᠠᠨ ᠬᠡᠷᠡᠮ ᠃ ᠪᠠᠭ᠎ᠠ ᠰᠢᠭᠡᠲᠡᠢ  ᠪᠠᠯᠭᠠᠰᠤ ᠶᠢᠨ ᠵᠠᠰᠠᠭ  ᠶᠢᠨ  ᠣᠷᠳᠤᠨ ᠤ ᠰᠠᠭᠤᠭ᠎ᠠ

ᠭᠠᠵᠠᠷ ᠠᠴᠠ ᠵᠡᠭᠦᠨᠰᠢ10 ᠺᠢᠯᠦᠮᠧᠲᠷ ᠵᠠᠶᠢᠲᠠᠢ ᠪᠠᠶᠢᠵᠤ᠂ ᠮᠣᠨᠠ ᠠᠭᠤᠯᠠ ᠨᠢᠷᠤᠭᠤ ᠶᠢᠨ ᠬᠡᠰᠡᠭ᠂ ᠪᠠᠶᠠᠨᠴᠠᠭᠠᠨ ᠠᠭᠤᠯᠠ ᠶᠢᠨ ᠠᠷᠤ ᠬᠤᠷᠮᠤᠢ ᠶᠢᠨ ᠲᠤᠮᠳᠠ

ᠬᠡᠰᠡᠭ ᠢᠶᠠᠷ ᠪᠠᠶᠢᠳᠠᠭ᠃ ᠤᠷᠲᠤ ᠴᠠᠭᠠᠨ ᠬᠡᠷᠡᠮ ᠨᠢ ᠪᠦᠬᠦᠨ ᠢᠶᠠᠷ ᠢᠶᠠᠨ ᠴᠢᠯᠠᠭᠤ ᠪᠠᠷ ᠦᠷᠦᠭᠰᠡᠨ ᠪᠠᠶᠢᠵᠤ᠂ ᠰᠠᠭᠤᠷᠢ  ᠶᠢᠨ ᠦᠷᠭᠡᠨ ᠨᠢ 3 ᠠᠴᠠ 4 ᠮᠧᠲᠷ᠂

ᠣᠷᠤᠢ ᠶᠢᠨ ᠦᠷᠭᠡᠨ ᠨᠢ 2 ᠠᠴᠠ 3 ᠮᠧᠲᠷ᠂ ᠦᠨᠳᠦᠷ ᠨᠢ 4 ᠠᠴᠠ 5 ᠮᠧᠲᠷ ᠪᠠᠶᠢᠪᠠ᠃ ᠠᠭᠤᠯᠠᠨ ᠣᠷᠤᠢ ᠳᠡᠭᠡᠷ᠎ᠡ ᠴᠣᠨᠵᠢ ᠪᠠᠶᠢᠵᠤ᠂ ᠡᠨᠡᠬᠦ ᠴᠢᠯᠠᠭᠠᠤᠨ

ᠤᠷᠲᠦ ᠴᠠᠭᠠᠨ ᠬᠡᠷᠡᠮ ᠨᠢ ᠨᠢᠭᠡᠨ ᠠᠪᠤᠷᠭᠤ ᠯᠤᠤ ᠠᠳᠠᠯᠢ᠂ ᠠᠭᠤᠯᠠᠨ  ᠨᠢᠷᠤᠭᠤᠳ ᠤᠨ ᠲᠤᠮᠳᠠ ᠪᠦᠷᠲᠦᠯᠵᠡᠨ ᠨᠢᠭᠤᠭᠳᠠᠵᠤ᠂ ᠬᠦᠮᠦᠰ ᠲᠤ ᠦᠪᠡᠷ ᠤᠨ ᠡᠷᠬᠡ

ᠦᠭᠡᠢ ᠭᠠᠶᠢᠬᠠᠰᠢ ᠲᠦᠷᠦᠭᠳᠡᠭᠦᠯᠳᠡᠭ ᠪᠢᠯᠡ᠃ ᠲᠤᠰᠬᠠᠢ ᠮᠡᠷᠭᠡᠵᠢᠯᠲᠡᠨ ᠤ ᠨᠣᠲᠠᠯᠠᠯᠲᠠ ᠶᠢ ᠦᠨᠳᠦᠰᠦᠯᠡᠪᠡᠯ᠂ ᠲᠤᠰ ᠬᠡᠰᠡᠭ ᠤᠷᠲᠤ ᠴᠠᠭᠠᠨ ᠬᠡᠷᠡᠮ ᠪᠣᠯ ᠴᠢᠨ

ᠤᠯᠤᠰ ᠤᠨ  ᠦᠶ᠎ᠡ ᠶᠢᠨ ᠤᠷᠲᠦ ᠴᠠᠭᠠᠨ ᠬᠡᠷᠡᠮ ᠪᠠᠶᠢᠵᠤ᠂ ᠨᠢᠭᠡᠨᠲᠡ ᠣᠯᠣᠰ ᠤᠨ ᠭᠤᠣᠯᠳᠠᠯᠭ᠎ᠠ ᠲᠠᠢ ᠲᠡᠦᠬᠡᠨ ᠲᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ

ᠨᠢᠭᠡᠴᠢ ᠪᠠᠷ ᠵᠢᠭᠰᠠᠭᠠᠭᠳᠠᠵᠠᠢ᠃

     2.ᠽᠸᠡᠩ ᠯᠦᠩ ᠴᠠᠩ ᠤᠰᠤᠨ ᠴᠦᠭᠦᠷᠦᠮ ᠃ ᠤᠷᠠᠳ ᠤᠨ ᠡᠮᠦᠨᠡᠲᠦ ᠬᠤᠰᠢᠭᠤᠨ ᠤ ᠪᠠᠭ᠎ᠠ ᠰᠢᠭᠡᠲᠡᠢ ᠪᠠᠯᠭᠠᠰᠤ ᠶᠢᠨ ᠤᠰᠤᠨ ᠲᠦᠷᠦᠭᠦᠦ ᠭᠤᠤᠯ ᠤᠨ

ᠲᠤᠮᠳᠠ ᠤᠷᠤᠰᠬᠠᠯ ᠤᠨ ᠬᠠᠪᠴᠢᠯ ᠤᠨ ᠬᠡᠰᠡᠭ  ᠲᠤ ᠪᠠᠶᠢᠵᠤ᠂1959 ᠣᠨ ᠠᠴᠠ ᠡᠬᠢᠯᠡᠨ ᠪᠠᠶᠢᠭᠤᠯᠵᠤ᠂1963 ᠣᠨ ᠳᠤ ᠪᠠᠷᠢᠯᠭ᠎ᠠ ᠲᠡᠭᠦᠰᠴᠦ᠂ 975

ᠲᠡᠭᠰᠢ ᠲᠦᠷᠪᠡᠯᠵᠢᠨ ᠺᠢᠯᠦᠮᠧᠲᠷ ᠤᠷᠤᠰᠬᠠᠯ ᠤᠨ ᠰᠠᠪᠠ ᠭᠠᠵᠠᠷ ᠢ ᠡᠵᠡᠮᠰᠢᠵᠤ᠂ ᠭᠤᠤᠯᠳᠠᠭᠤ ᠤᠰᠤ ᠬᠠᠳᠠᠭᠠᠯᠠᠬᠤ᠂ ᠤᠰᠤᠯᠠᠬᠤ᠂ ᠦᠶᠡᠷ ᠢ ᠰᠡᠷᠭᠡᠶᠢᠯᠡᠬᠦ ᠵᠡᠷᠭᠡ

ᠦᠢᠯᠡᠳᠦᠯ ᠲᠠᠢ ᠶᠤᠮ᠃2002--2003 ᠣᠨ ᠳᠤ ᠠᠶᠤᠯ ᠢ ᠠᠷᠢᠯᠭᠠᠵᠤ ᠪᠠᠬᠢᠵᠢᠭᠦᠯᠬᠦ ᠪᠠᠷᠢᠯᠭ᠎ᠠ ᠬᠢᠵᠤ᠂ 9600 ᠲᠦᠮᠡᠨ ᠪᠣᠰᠤᠭ᠎ᠠ ᠲᠦᠷᠪᠡᠯᠵᠢᠨ ᠮᠧᠲᠷ

ᠣᠰᠤ ᠬᠠᠳᠠᠭᠠᠯᠠᠵᠤ ᠳᠡᠶᠢᠯᠬᠦ ᠳᠤᠮᠳᠠ ᠵᠡᠷᠭᠡ ᠶᠢᠨ ᠴᠦᠬᠦᠷᠦᠮ ᠪᠣᠯᠪᠠ᠃ ᠣᠷᠴᠢᠨ ᠲᠣᠭᠤᠷᠢᠨ ᠨᠢ ᠦᠩᠭᠡ ᠦᠵᠡᠮᠵᠢ ᠪᠦᠷᠢᠳᠦᠭᠰᠡᠨ ᠭᠤᠶᠤ ᠲᠠᠭᠠᠯᠠᠮᠵᠢᠲᠠᠢ᠂

ᠴᠡᠪᠡᠷ ᠭᠤᠸᠠᠯᠢᠭ ᠪᠠᠶᠢᠵᠤ᠂ ᠰᠡᠯᠡᠭᠦᠴᠡᠨ ᠵᠤᠭᠠᠴᠠᠵᠤ ᠲᠣᠭᠤᠷᠢᠨ ᠨᠠᠭᠠᠳᠬᠤ ᠳᠤ ᠲᠠᠪᠠᠲᠠᠢ ᠭᠠᠵᠠᠷ ᠶᠤᠮ᠃

      3. ᠮᠤᠨᠠ ᠠᠭᠤᠯᠠ ᠶᠢᠨ ᠬᠠᠳᠠᠨ ᠵᠢᠷᠤᠭ ᠃ ᠪᠠᠭ᠎ᠠ ᠰᠢᠭᠡᠲᠡᠢ ᠶᠢᠨ ᠴᠢᠨ ᠤᠯᠤᠰ ᠤᠨ ᠤᠷᠲᠤ ᠴᠠᠭᠠᠨ  ᠬᠡᠷᠡᠮ ᠠᠴᠠ ᠤᠮᠠᠷᠠᠰᠢ 600--800 

ᠮᠧᠲᠷ ᠤᠨ ᠵᠠᠶᠢᠲᠠᠢ ᠪᠠᠶᠢᠷᠢᠯᠠᠳᠠᠭ᠃ ᠣᠳᠤ  ᠬᠦᠷᠲᠡᠯ᠎ᠡ ᠨᠢᠭᠡᠨᠲᠡ 4 ᠭᠠᠵᠠᠷ ᠨᠡᠶᠢᠲᠡ 70 ᠭᠠᠷᠤᠢ  ᠬᠦᠷᠡᠯ ᠪᠠᠭᠠᠵᠢ ᠶᠢᠨ ᠦᠶ᠎ᠡ ᠶᠢᠨ ᠮᠣᠨᠠ ᠠᠭᠤᠯᠠ ᠶᠢᠨ

ᠬᠠᠳᠠᠨ ᠵᠢᠷᠤᠭ ᠢ ᠢᠯᠡᠷᠡᠭᠦᠯᠪᠡ᠃ ᠬᠠᠳᠠᠨ ᠵᠢᠷᠤᠭ ᠲᠤ ᠮᠠᠯᠴᠢᠨ᠂ ᠠᠩᠴᠢᠨ᠂ ᠤᠮᠠᠷᠠᠲᠤ ᠶᠢᠨ ᠶᠠᠩᠭᠢᠷ᠂ ᠠᠪᠡ ᠶᠢᠨ ᠨᠣᠬᠠᠢ᠂ ᠮᠣᠷᠢ᠂ ᠡᠯᠵᠢᠭᠡ ᠵᠡᠷᠭᠡ ᠵᠢᠷᠤᠮᠠᠭ

ᠪᠠᠶᠢᠵᠤ᠂ ᠡᠳᠡᠭᠡᠷ ᠪᠠᠯᠠᠷ ᠡᠷᠲᠡᠨ ᠤ ᠬᠠᠳᠠᠨ ᠵᠢᠷᠤᠭ ᠨᠢ ᠦᠭᠡᠬᠦᠨ ᠴᠢᠯᠠᠭᠤᠨ ᠤ ᠰᠤᠳᠠᠰᠤᠨ ᠴᠢᠯᠠᠭᠤᠯᠢᠭ ᠳᠡᠭᠡᠷ᠎ᠡ  ᠰᠡᠶᠢᠯᠦᠭᠳᠡᠵᠦ᠂ ᠲᠤᠰ ᠭᠠᠵᠠᠷ ᠤᠨ ᠮᠠᠯᠴᠢᠳ

ᠲᠡᠭᠦᠨ ᠢ《 ᠤᠯᠠᠭᠠᠨ ᠬᠡᠷᠡᠮ》 ᠭᠡᠵᠦ᠂ ᠲᠡᠷᠡ ᠨᠢ  ᠬᠠᠷ᠎ᠠ ᠦᠩᠭᠡ ᠶᠢᠨ ᠴᠢᠯᠠᠭᠤᠨ ᠤᠷᠲᠤ ᠴᠠᠭᠠᠨ ᠬᠡᠷᠡᠮ ᠲᠠᠢ ᠵᠡᠷᠭᠡᠴᠡᠨ ᠵᠡᠭᠦᠨ ᠠᠴᠠ ᠪᠠᠷᠠᠭᠤᠨᠰᠢ ᠰᠤᠩᠭᠠᠵᠤ

᠂ ᠶᠠᠭ ᠯᠠ ᠨᠢᠭᠡ ᠬᠤᠣᠰ ᠬᠠᠷ᠎ᠠ᠂ ᠤᠯᠠᠭᠠᠨ ᠦᠩᠭᠡ ᠲᠠᠢ ᠠᠪᠤᠷᠭᠤ ᠯᠣᠣᠰ ᠮᠡᠲᠦ᠂ ᠮᠣᠨᠠ ᠠᠭᠤᠯᠠ ᠳᠡᠭᠡᠷ᠎ᠡ ᠠᠯᠭᠤᠷ ᠠᠭᠠᠵᠢᠮ ᠢᠶᠠᠷ ᠨᠠᠬᠢᠯᠵᠠᠨ ᠪᠦᠵᠢᠭᠯᠡᠵᠦ

ᠪᠠᠶᠢᠭ᠎ᠠ ᠠᠳᠠᠯᠢ ᠦᠵᠡᠭᠳᠡᠵᠦ᠂ ᠪᠠᠭ᠎ᠠ ᠰᠢᠭᠡᠲᠡᠢ ᠶᠢᠨ ᠴᠢᠨ ᠤᠯᠤᠰ ᠤᠨ ᠤᠷᠲᠤ ᠴᠠᠭᠠᠨ ᠬᠡᠷᠡᠮ ᠤᠨ ᠰᠡᠳᠬᠢᠯ ᠢ ᠲᠠᠲᠠᠬᠤ ᠬᠦᠴᠦᠨ ᠪᠠ ᠨᠢᠭᠤᠴᠠᠭᠠᠢ ᠲᠦᠷᠦᠭᠳᠡᠯ ᠢ

ᠨᠡᠮᠡᠭᠳᠡᠭᠦᠯᠪᠡ᠃

      4.ᠭᠤᠸᠠᠩ ᠯᠦ ᠰᠠᠢ ᠪᠣᠭᠤᠮᠲᠠ ᠶᠢᠨ ᠡᠷᠲᠡᠨ ᠤ ᠬᠤᠲᠠ ᠶᠢᠨ ᠪᠠᠭᠤᠷᠢ᠃ ᠬᠤᠰᠢᠭᠤᠨ ᠤ ᠬᠢᠯᠢ ᠳᠠᠬᠢ ᠪᠠᠭ᠎ᠠ ᠰᠢᠭᠡᠲᠡᠢ ᠪᠠᠯᠭᠠᠰᠤᠨ ᠳᠤ ᠪᠠᠶᠢᠷᠢᠯᠠᠵᠤ

ᠪᠠᠶᠢᠳᠠᠭ᠃ ᠭᠤᠸᠠᠩ ᠯᠦ ᠴᠧᠩ ᠬᠤᠲᠠ ᠪᠣᠯ ᠬᠠᠨ ᠡᠦ  ᠳ᠋ᠢ ᠬᠠᠭᠠᠨ ᠤ ᠲᠠᠢ ᠴᠦ᠋ ᠶᠢᠨ ᠭᠤᠷᠪᠠᠳᠤᠭᠠᠷ ᠣᠨ ᠳᠤ ︵  ᠣᠨ ᠲᠣᠭᠠᠯᠠᠯ ᠠᠴᠠ ᠡᠮᠦᠨ᠎ᠡ102 ᠣᠨ︶

ᠭᠤᠸᠠᠩ ᠯᠦ ᠰᠢᠶᠦ᠋ᠨ  ᠰᠢᠦᠢ ᠽᠢ ᠸᠧᠢ ᠶᠢ ᠲᠣᠮᠢᠯᠠᠨ ᠦᠶᠦᠸᠠᠨ ᠰᠠᠢ ᠪᠣᠭᠤᠮᠲᠠ ᠶᠢᠨ  ᠳᠡᠭᠡᠷ᠎ᠡ ᠪᠠᠶᠢᠭᠤᠯᠤᠭᠰᠠ ᠶᠤᠮ᠃ ᠭᠤᠸᠠᠩ ᠯᠦ  ᠰᠢᠶᠦ᠋ᠨ  ᠪᠣᠯ ᠬᠠᠨ

ᠤᠯᠤᠰ ᠤᠨ ᠦᠶ᠎ᠡ ᠶᠢᠨ ᠵᠡᠷᠭᠡ ᠲᠤᠰᠢᠶᠠᠯ ᠤᠨ ᠨᠡᠷ᠎ᠡ ᠪᠣᠯᠣᠨ᠎ᠠ ᠂ ᠬᠠᠭᠠᠨ ᠤ ᠰᠢᠳᠠᠷ ᠦᠨᠳᠦᠷ ᠵᠡᠷᠭᠡ ᠶᠢᠨ ᠳᠠᠭᠠᠭᠰᠠᠳ᠂ ᠤᠷᠳᠤ ᠬᠠᠷᠰᠢ ᠶᠢ ᠰᠠᠬᠢᠨ ᠬᠠᠮᠠᠭᠠᠯᠠᠬᠤ

ᠡᠭᠦᠷᠭᠡ ᠶᠢ ᠬᠠᠷᠢᠭᠤᠴᠠᠳᠠᠭ᠂ ᠲᠤᠰ ᠬᠤᠲᠠ ᠪᠣᠯ  ᠳᠠᠷᠤᠢ ᠰᠢᠦᠢ ᠽᠢ ᠸᠧᠢ ᠶᠢᠨ ᠵᠡᠷᠭᠡ ᠲᠤᠰᠢᠶᠠᠯ ᠤᠨ ᠨᠡᠷ᠎ᠡ  ᠪᠠᠷ ᠨᠡᠷᠡᠶᠢᠳᠦᠭᠰᠡᠨ ᠪᠢᠯᠡ᠃ ᠣᠳᠣ ᠪᠠᠶᠢᠭ᠎ᠠ ᠨᠢ

ᠰᠢᠷᠤᠢ ᠢᠶᠠᠷ ᠪᠠᠷᠢᠭᠰᠠᠨ ᠬᠤᠲᠠ ᠶᠢᠨ ᠬᠡᠷᠡᠮ ᠤᠨ ᠨᠤᠷᠠᠩᠬᠠᠢ ᠬᠡᠰᠡᠭ ᠨᠢ ᠪᠣᠯᠣᠨ᠎ᠠ᠃ ᠤᠯᠠᠮᠵᠢᠯᠠᠯ ᠶᠠᠷᠢᠶ᠎ᠠ ᠶᠢ ᠦᠨᠳᠦᠰᠦᠯᠡᠪᠡᠯ᠂ ᠸᠠᠩ ᠵᠣᠣ ᠵᠢᠶᠦ᠋ᠨ ᠬᠠᠷᠢ ᠳᠤ

ᠮᠣᠷᠳᠠᠬᠤ ᠳᠤ ᠡᠨᠡ ᠭᠠᠵᠠᠷ ᠢᠶᠠᠷ ᠳᠠᠭᠠᠷᠢᠵᠤ᠂ ᠨᠠᠢᠮᠠᠨ ᠵᠢᠯ ᠨᠣᠲᠣᠭᠯᠠᠵᠤ᠂ ᠨᠢᠭᠡ ᠬᠦᠦ ᠲᠦᠷᠦᠭᠰᠡᠨ ᠶᠤᠮ᠂ ᠬᠤᠵᠢᠮ ᠤᠨ ᠬᠦᠮᠦᠰ ᠡᠨᠡ ᠡᠷᠲᠡᠨ ᠤ ᠬᠤᠲᠠ ᠶᠢ

ᠭᠤᠸᠠᠩ ᠯᠦ ᠰᠠᠢ ᠪᠤᠭᠤᠮᠲᠠ ᠭᠡᠵᠦ ᠨᠡᠷᠡᠯᠡᠪᠡ᠃ ᠣᠶᠢᠷ᠎ᠠ ᠬᠠᠪᠢ ᠶᠢᠨ ᠣᠷᠴᠢᠨ ᠲᠤᠭᠤᠷᠢᠨ ᠭᠤᠶᠤ ᠰᠠᠶᠢᠬᠠᠨ᠂ ᠪᠠᠶᠢᠭᠠᠯᠢ ᠶᠢᠨ ᠦᠩᠭᠡ  ᠦᠵᠡᠮᠵᠢ ᠪᠠ ᠬᠦᠮᠦᠨ

ᠨᠡᠶᠢᠭᠡᠮ ᠲᠡᠦᠬᠡ ᠰᠤᠶᠤᠯ ᠢ ᠨᠢᠭᠡ ᠴᠣᠭᠴᠠᠵᠢᠭᠤᠯᠵᠤ  ᠬᠦᠮᠦᠰ  ᠤᠨ ᠵᠤᠭᠠᠴᠠᠨ ᠲᠣᠭᠤᠷᠢᠬᠤ ᠳᠤ ᠲᠠᠪᠠᠲᠠᠢ ᠤᠷᠤᠨ ᠶᠤᠮ᠃

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ