【ᠤᠷᠠᠳ ᠠᠷᠠᠳ ᠤᠨ ᠳᠠᠭᠤᠤ】  ᠦᠯᠡᠮᠵᠢ ᠶᠢᠨ ᠪᠤᠶᠠᠨ
ᠨᠡᠶᠢᠲᠡᠯᠡᠭᠰᠡᠨ ᠴᠠᠭ᠄
2021/11/24
 ᠦᠯᠡᠮᠵᠢ ᠶᠢᠨ ᠪᠤᠶᠠᠨ‌‍ᠢᠶ᠋ᠡᠷ ᠤᠴᠠᠷᠠᠭᠰᠠᠨ ᠦᠨᠡᠨ ᠮᠠᠭᠠᠳ ᠲᠠᠨ ᠤ ᠪᠠᠨ ᠠᠯᠳᠠᠷ ᠲᠤ ᠦᠨᠡᠭᠡᠷ ᠪᠠᠶᠠᠰᠬᠤ ᠰᠠᠳᠬᠢᠯ ᠤᠨ ᠲᠤᠶᠢᠯ  ᠳᠤᠷ ᠦᠨᠡᠨ ᠪᠠᠳᠣ ᠪᠤᠯᠳᠣᠭᠠᠢ ᠤᠷᠭᠤᠮᠠᠯ ᠬᠤᠷᠴᠠ ᠨᠠᠷᠠᠨ ᠤ ᠭᠡᠷᠡᠯ ᠳᠤ ᠤᠳ᠋ᠪᠠᠯ᠎ᠠ ᠯᠢᠩᠬᠤ᠎ᠠ ᠲᠡᠯᠭᠡᠷᠡᠬᠦ ᠶᠢᠨ ᠴᠠᠭ ᠲᠤ ᠤᠶᠠᠬᠠᠨ ᠠᠮᠠᠷᠠᠭ ᠲᠠᠨ ᠤ ᠪᠠᠨ ᠠᠯᠳᠠᠷ ᠲᠤ  ᠤᠶᠢᠳᠬᠤ ᠰᠡᠳᠬᠢᠯ ᠰᠡᠷᠭᠦᠨ᠎ᠡ ᠪᠢᠳᠠ ᠰᠠᠷᠠᠭᠤᠯ ᠲᠤᠳᠤ ᠰᠠᠷᠠᠨ ᠤ ᠭᠡᠷᠡᠯ ᠳᠤ  ᠰᠠᠶᠢᠬᠠᠨ ᠺᠦᠮᠳᠢ ᠨᠡᠭᠡᠭᠡᠭᠦᠢ ᠶᠢᠨ ᠴᠠᠭ ᠲᠤ ᠰᠠᠨᠠᠭᠰᠠᠨ ᠦᠢᠯᠡᠰ ᠬᠤᠪᠢ ᠶᠢᠨ ᠲᠤᠮᠳᠠ ᠠᠴᠠ ᠰᠠᠯᠤᠰᠢ ᠦᠬᠡᠢ ᠲᠠ ᠮᠢᠨᠢ ᠬᠦᠭ ᠲᠤ ᠵᠤᠨ ᠤ ᠡᠬᠢᠨ ᠰᠠᠷ᠎ᠠ ᠳᠤ ᠬᠦᠬᠦᠭᠡ ᠰᠢᠪᠠᠭᠤ ᠲᠤᠩᠭᠤᠳᠬᠤ ᠶᠢᠨ ᠴᠠᠭ ᠲᠤ ᠬᠦᠬᠡᠷᠦᠬᠡᠢ ᠠᠮᠠᠷᠠᠭ ᠲᠠᠨ ᠤ ᠪᠠᠨ ᠠᠯᠳᠠᠷ ᠲᠤ ᠬᠦᠰᠡᠭᠰᠡᠨ ᠰᠡᠳᠬᠢᠯ ᠰᠡᠷᠭᠦᠨ᠎ᠡ ᠪᠢᠳᠠ ᠬᠤᠯᠤᠰᠤᠳᠤ ᠨᠠᠭᠤᠷ ᠤᠨ ᠵᠠᠬ᠎ᠠ ᠲᠡᠯᠭᠡᠭᠦᠷ ᠲᠡᠭᠡᠷ᠎ᠡ ᠬᠤᠨ ᠰᠢᠪᠠᠤᠬᠠᠢ ᠲᠤᠩᠭᠤᠳᠬᠤ ᠶᠢᠨ ᠴᠠᠭ ᠲᠤ ᠬᠤᠪᠢᠳᠠᠢ ᠠᠮᠠᠷᠠᠭ ᠲᠠᠨ ᠤ  ᠪᠠᠨ ᠠᠯᠳᠠᠷ ᠲᠤ ᠬᠤᠷᠢᠶᠠᠨ ᠰᠢᠯᠦᠭᠯᠡᠵᠦ ᠲᠠᠭᠤᠯᠠᠨ᠎ᠠ ᠪᠢᠳᠠ ᠮᠠᠰᠢ ᠤᠯᠠᠨ ᠮᠤᠳᠤᠨ ᠤ  ᠲᠤᠮᠳᠠ ᠠᠴᠠ ᠮᠠᠯᠢᠶᠠᠨ ᠠᠭᠤᠯᠠ ᠶᠢᠨ ᠼᠠᠨᠳᠠᠨ ᠮᠤᠳᠤ  ᠮᠠᠭᠠᠳ ᠣᠯᠠᠨ ᠤᠯᠤᠰ ᠤᠨ ᠲᠤᠮᠳᠠ ᠠᠴᠠ  ᠮᠠᠷᠳᠠᠭᠳᠠᠰᠢ ᠦᠬᠡᠢ ᠲᠠ ᠮᠢᠨᠢ ᠰᠦᠨ ᠲᠠᠯᠠᠢ ᠶᠢᠨ ᠲᠤᠮᠳᠠ ᠠᠴᠠ ᠰᠦᠮᠪᠦᠷ ᠠᠭᠤᠯᠠ ᠪᠦᠳᠦᠭᠰᠡᠨ ᠮᠡᠳᠦ ᠰᠦᠷ ᠵᠢᠪᠬᠤᠯᠠᠩ ᠪᠠᠳᠠᠷᠠᠩᠭᠤᠢ ᠰᠦᠯᠳᠡ ᠲᠡᠭᠷᠢ ᠮᠢᠨᠢ ᠦᠷᠦᠰᠢᠶᠡ ᠲᠠᠯᠠᠢ ᠶᠡᠭᠡ ᠪᠤᠶᠠᠨᠳᠠᠨ ᠨᠢ  ᠲᠠᠮᠵᠢᠭ ᠦᠬᠡᠢ ᠠᠷᠪᠢᠵᠢᠭᠠᠳ ᠲᠤᠮᠤᠭ ᠦᠬᠡᠢ ᠲᠠᠨ ᠢ ᠪᠠᠨ ᠲᠠᠯᠠᠢ ᠪᠯᠠᠮ᠎ᠠ ᠦᠷᠦᠰᠢᠶᠡ 
洪福-1.jpg
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ