【ᠤᠷᠠᠳ ᠠᠷᠠᠳ ᠤᠨ ᠳᠠᠭᠤᠤ】  ᠴᠤᠭᠴᠠᠯᠠᠭᠰᠠᠨ ᠪᠤᠶᠠᠨ
ᠨᠡᠶᠢᠲᠡᠯᠡᠭᠰᠡᠨ ᠴᠠᠭ᠄
2021/11/24
       ᠴᠤᠭᠴᠠᠯᠠᠭᠰᠠᠨ ᠪᠤᠶᠠᠨ          ︵ᠠᠷᠪᠠᠨ ᠰᠠᠶᠢᠨ︶ ᠴᠤᠭᠴᠠᠯᠠᠭᠰᠠᠨ ᠪᠤᠶᠠᠨ ᠤ ᠬᠢᠨᠢ ᠦᠷ᠎ᠡ ᠨᠢ ᠴᠤᠭᠴᠠ ᠪᠡᠶ᠎ᠡ ᠶᠢᠨ ᠰᠠᠨᠠᠭᠠᠨ ᠤ ᠠᠮᠤᠷ ᠰᠠᠶᠢᠨ ᠴᠤᠬᠤᠮ ᠡᠷᠬᠢᠮ ᠰᠡᠳᠬᠢᠯ ᠳᠠᠬᠢ ᠴᠢᠨᠠᠷ ᠨᠢ  ᠴᠤᠭᠳᠤ ᠰᠦᠮᠪᠦᠷ ᠠᠭᠤᠯᠠ ᠮᠡᠳᠦ ᠪᠠᠳᠤ ᠰᠠᠶᠢᠨ ᠤᠴᠢᠷ ᠯᠤᠭ᠎ᠠ ᠵᠤᠬᠢᠯᠳᠣᠬᠤ ᠶᠢᠨ ᠶᠤᠰᠤ ᠨᠢ ᠤᠯᠠᠨ ᠲᠢᠪ ᠤᠨ ᠲᠦᠷᠢ ᠮᠡᠳᠦ ᠨᠠᠶᠢᠷᠳᠠᠢ ᠰᠠᠶᠢᠨ ᠤᠳᠬ᠎ᠠ ᠯᠤᠭ᠎ᠠ ᠨᠡᠶᠢᠯᠡᠯᠳᠦᠬᠦ ᠶᠢᠨ ᠪᠤᠳᠤᠯᠭ᠎ᠠ ᠤᠯᠤᠮ ᠦᠬᠡᠢ ᠲᠠᠯᠠᠢ ᠮᠡᠳᠤ ᠠᠭᠤᠵᠢᠮ ᠰᠠᠶᠢᠨ ᠨᠠᠷᠢᠨ  ᠨᠢᠭᠳᠠ ᠰᠢᠨᠵᠢᠯᠡᠭᠦ ᠶᠢᠨ ᠪᠢᠯᠢᠭ ᠨᠢ ᠨᠠᠷᠠᠨ ᠰᠠᠷᠠᠨ ᠮᠠᠨᠳᠠᠯ ᠮᠡᠳᠦ ᠬᠡᠬᠡᠬᠡᠨ ᠰᠠᠶᠢᠨ ᠨᠠᠶᠢᠷᠠᠯᠳᠤᠬᠤ ᠦᠶ᠎ᠡ ᠶᠢᠨ ᠰᠠᠶᠢᠬᠠᠨ ᠵᠢᠷᠭᠠᠯ ᠨᠢ ᠨᠠᠪᠴᠢ ᠴᠡᠴᠡᠭ ᠤᠨ ᠦᠷᠡᠰ ᠮᠡᠳᠦ ᠵᠡᠷᠭᠡ ᠪᠠᠷ ᠰᠠᠶᠢᠨ ᠲᠡᠳᠭᠦᠮᠵᠢᠯᠡᠨ ᠬᠦᠷᠳᠡᠭᠦᠯᠬᠦ ᠶᠢᠨ ᠬᠡᠰᠢᠭ ᠨᠢ ᠲᠡᠭᠦᠰ ᠴᠠᠭ ᠤᠨ ᠬᠤᠷ᠎ᠠ ᠮᠠᠳᠦ ᠴᠠᠭ ᠲᠠᠢ ᠰᠠᠶᠢᠨ ᠲᠡᠮᠡᠴᠡᠯᠳᠦᠯ ᠢ ᠠᠷᠢᠯᠭᠠᠬᠤ ᠴᠠᠭᠠᠵᠠ ᠨᠢ ᠲᠡᠭᠷᠢᠰ ᠤᠨ ᠵᠠᠰᠠᠭ ᠮᠡᠳᠦ ᠬᠤᠷᠴᠠ ᠰᠠᠶᠢᠨ ᠡᠨᠡ ᠬᠤᠶᠢᠳᠤ ᠶᠢᠨ ᠪᠠᠶᠢᠴᠠᠭᠠᠬᠤ ᠬᠡᠷᠡᠭ ᠨᠢ ᠡᠪᠤᠯ ᠵᠤᠨ ᠤ ᠡᠭᠡᠯᠵᠢ ᠮᠡᠳᠦ ᠲᠠᠷᠤᠢ ᠰᠠᠶᠢᠨ ᠡᠩᠭᠡ ᠠᠮᠤᠷ ᠵᠢᠷᠭᠠᠭᠤᠯᠬᠤ ᠶᠢᠨ ᠪᠡᠯᠭᠡ ᠨᠢ ᠡᠨᠡ  ᠲᠠᠭᠤᠤ ᠶᠢᠨ ᠠᠶᠠᠰ ᠮᠡᠳᠦ ᠡᠪᠳᠡᠢ ᠰᠠᠶᠢᠨ ᠦᠢᠮᠡᠴᠡᠬᠦ ᠤᠷᠴᠢᠯᠠᠩ ᠤᠨ ᠶᠣᠰᠣ ᠨᠢ ᠦᠵᠡᠳᠡᠯ᠎ᠡ ᠮᠦᠩᠭᠡ ᠪᠤᠰᠤ ᠪᠤᠯᠪᠠᠴᠤ ᠦᠷᠭᠦᠯᠵᠢᠳᠡ ᠵᠢᠷᠭᠠᠭᠤᠯᠬᠤ ᠶᠢᠨ ᠪᠡᠯᠬᠡ  ᠨᠢ ᠦᠨᠡᠨ ᠢᠶᠠᠷ ᠵᠤᠬᠢᠯᠳᠤᠬᠤ ᠪᠤᠯᠳᠤᠭᠠᠢ
聚福-1.jpg
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ