ᠰᠦᠯᠵᠢᠶᠠᠨ ᠪᠤᠷᠤᠯᠠᠭᠤᠯᠭ᠎ᠠ ᠪᠠᠷ ᠨᠠᠷ᠎ᠡ ᠨᠦᠯᠦᠬᠡ ᠠᠰᠢᠭ ᠤᠷᠤᠯᠭ᠎ᠠ ᠪᠠᠨ‌ᠨᠡᠮᠡᠭᠳᠡᠬᠦᠯᠵᠥ ᠪᠠᠶᠢᠭ᠎ᠠ ᠵᠠᠯᠠᠭᠤ ᠬᠤᠤᠰ
ᠨᠡᠶᠢᠲᠡᠯᠡᠭᠰᠡᠨ ᠴᠠᠭ᠄
2021/11/23
      ᠤᠷᠡᠳ ᠤᠨ ᠡᠮᠦᠨᠡᠳᠦ ᠬᠤᠰᠢᠭᠤᠨ ᠤ ︽ᠬᠡ᠊᠂ ᠰᠤᠭᠠᠷ︾ ᠲᠡᠯᠬᠡᠬᠦᠷ ᠤᠨ ᠡᠵᠡᠨᠳᠡᠨ ᠪᠤᠯᠬᠤ ᠠᠮᠠᠷᠠᠭ ᠬᠤᠤᠰ ᠠᠭᠠᠷ ᠲᠤᠯᠤᠭᠠᠨᠬᠡᠷᠡᠯ ᠬᠤᠶᠡᠷ ᠦᠪᠡᠷ ᠤᠨ ᠤᠷᠠᠯᠠᠵᠥ ᠪᠦᠳᠦᠬᠡᠭᠰᠡᠨ ᠮᠦᠩᠬᠦᠨ ᠤ ᠡᠳ᠋ᠯᠠᠯ ᠬᠡᠷᠡᠭᠰᠡᠯ ᠢᠶᠠᠨ ᠤᠳᠤ ᠴᠠᠭ ᠤᠨ ᠬᠠᠮᠤᠭ ᠬᠦᠭᠵᠢᠶᠡᠨ ᠲᠠᠢ ᠰᠦᠯᠵᠢᠶᠠᠨ ᠪᠤᠷᠤᠯᠠᠭᠤᠯᠭ᠎ᠠ ᠶᠢ ᠠᠰᠢᠭᠯᠠᠨ ᠪᠤᠷᠤᠯᠠᠭᠤᠯᠵᠥ ᠪᠠᠶᠢᠭ᠎ᠠ ᠨᠢ ᠴᠠᠭ ᠦᠶ᠎ᠡ ᠶᠢᠨ ᠤᠷᠤᠰᠬᠠᠯ ᠢ ᠲᠠᠭᠠᠨ᠂  ᠬᠤᠰᠢᠭᠤᠴᠢᠯᠠᠨ ᠤᠷᠤᠭᠰᠢᠯᠠᠵᠣ ᠪᠠᠶᠢᠭ᠎ᠠ ᠨᠢ ᠮᠤᠩᠭᠤᠯ ᠵᠠᠯᠠᠭᠤᠴᠤᠳ ᠤᠨ ᠲᠤᠳᠤᠷ᠎ᠡ ᠵᠢᠱᠢᠶ᠎ᠠ ᠪᠤᠯᠵᠥ ᠬᠠᠷᠠᠭᠳᠠᠨ᠎ᠠ᠃      ᠮᠤᠩᠭᠤᠯᠴᠤᠳ ᠤᠨ ᠮᠦᠩᠬᠦᠨ ᠡᠳ᠋ᠯᠠᠯ ᠬᠡᠷᠡᠭᠰᠡᠯ᠂ ᠵᠠᠰᠠᠯ ᠵᠡᠬᠦᠰᠬᠡᠯ ᠤᠨ ᠵᠦᠢᠯᠡᠰ ᠢ ᠡᠳᠦᠷ ᠲᠤᠳᠤᠮ ᠤᠨ ᠠᠮᠢᠳᠣᠷᠠᠯ ᠳᠤ ᠪᠠᠨ ᠬᠡᠷᠡᠭᠯᠡᠵᠥ ᠢᠷᠡᠭᠰᠡᠨ ᠲᠡᠦᠬᠡ ᠤᠳᠤ ᠬᠦᠷᠳᠡᠯ᠎ᠡ ᠦᠷᠬᠦᠯᠵᠢᠯᠡᠭᠰᠡᠭᠡᠷ᠃ ᠬᠠᠷᠢᠨ ᠰᠢᠨ᠎ᠡ ᠴᠠᠭ ᠡᠷᠡᠨ ᠤ ᠵᠠᠯᠠᠭᠤᠴᠤᠳ ᠤᠨ ᠲᠤᠳᠤᠷ᠎ᠡ ᠦᠪᠡᠷ ᠢᠶᠠᠨ ᠲᠠᠷᠬᠠᠯᠠᠵᠥ᠂ ᠨᠠᠩ ᠢᠯᠠᠩᠭᠤᠶ᠎ᠠ ᠰᠦᠯᠵᠢᠶᠠᠨ ᠪᠤᠷᠤᠯᠠᠭᠤᠯᠭ᠎ᠠ ᠪᠠᠷ ᠲᠠᠮᠵᠢᠨ ᠦᠪᠡᠷ ᠤᠨ ᠦᠨᠳᠣᠰᠣᠳᠠᠨ ᠤ ᠰᠤᠶᠤᠯ ᠤᠷᠠᠯᠠᠯ ᠤᠨ ᠪᠦᠳᠦᠬᠡᠭᠳᠡᠬᠦᠨ ᠢᠶᠠᠨ ᠤᠷᠤᠨ ᠤ ᠲᠤᠳᠤᠷ᠎ᠡ ᠭᠠᠳᠠᠨᠠᠬᠢ ᠬᠦᠮᠦᠰ  ᠲᠤ ᠬᠦᠷᠳᠡᠯ᠎ᠡ ᠮᠡᠳᠡᠬᠦᠯᠵᠥ ᠲᠠᠨᠢᠭᠤᠯᠵᠥ ᠤᠶᠢᠯᠠᠭᠠᠭᠤᠯᠵᠥ ᠶᠠᠪᠤᠭ᠎ᠠ ᠨᠢ ᠬᠠᠷᠢᠨ ᠪᠠᠭ᠋ᠠᠷᠡᠭᠤᠰᠢᠳᠠᠢ ᠶᠠᠪᠤᠳᠠᠯ ᠪᠤᠯᠤᠭᠰᠠᠨ ᠪᠢᠯᠡ᠃
银匠1.jpg
      ᠰᠣᠷᠪᠤᠯᠵᠢᠯᠠᠭᠴᠢ ᠶᠢ ᠤᠷᠡᠳ ᠤᠨ ᠡᠮᠦᠨᠡᠳᠦ ᠬᠤᠰᠢᠭᠤᠨ ᠤ ︽ᠬᠡ᠊᠂ ᠰᠤᠭᠠᠷ︾ ᠮᠦᠩᠬᠦᠨ ᠲᠠᠷᠬᠠᠨ ᠤ ᠳᠤ ᠬᠦᠷᠬᠦ ᠳᠤ   ᠠᠭᠠᠷ ᠤᠨ ᠪᠦᠰᠡᠬᠦᠢ ᠲᠤᠯᠤᠭᠠᠨᠬᠡᠷᠡᠯ ᠶᠠᠭ ᠠᠵᠢᠯᠯᠠᠬᠤ ᠲᠠᠰᠤᠭ ᠲᠤ ᠪᠠᠨ ᠬᠡᠷᠡᠯᠳᠦᠬᠦᠯᠬᠡ ᠪᠠ ᠭᠠᠷ ᠤᠳᠠᠰᠣᠨ ᠤ ᠡᠮᠦᠨ᠎ᠡ ᠵᠤᠭᠰᠤᠵᠣ ᠦᠪᠡᠷ ᠤᠨ ᠤᠷᠠᠯᠠᠵᠥ ᠪᠦᠳᠦᠬᠡᠭᠰᠡᠨ ᠮᠦᠩᠬᠦᠨ ᠵᠠᠰᠠᠯ ᠴᠢᠮᠡᠭᠯᠡᠯ ᠤᠨ ᠵᠦᠢᠯᠡᠰ ᠢᠶᠠᠨ ᠡᠬᠢᠯᠡᠵᠥ ᠬᠢᠬᠦ ᠠᠴᠠ ᠤᠷᠠᠯᠠᠵᠥ ᠪᠦᠳᠦᠬᠡᠭᠰᠡᠨ ᠬᠦᠷᠳᠡᠯᠡᠬᠢ ᠶᠠᠪᠤᠴᠠ ᠵᠢᠴᠢ ᠨᠠᠷᠠᠶᠢᠳᠥᠯ᠂ ᠬᠢᠴᠡ᠂ ᠤᠨᠴᠠᠯᠢᠭ ᠰᠢᠨᠵᠢ ᠶᠢ ᠨᠢ ᠲᠡᠯᠬᠡᠴᠡ ᠶᠢᠨ ᠡᠮᠦᠨᠡᠬᠢ ᠬᠡᠷᠡᠭᠯᠡᠭᠴᠢᠳ ᠲᠤ ᠨᠠᠷᠢᠨ ᠲᠠᠨᠢᠯᠴᠠᠭᠤᠯᠵᠥ ᠰᠢᠭᠤᠳ ᠨᠡᠪᠳᠡᠷᠡᠬᠦᠯᠬᠡ ᠪᠠᠷ ᠪᠠᠷᠠᠭ᠎ᠠ ᠬᠤᠳᠠᠯᠳᠤᠵᠥ ᠪᠠᠶᠢᠭ᠎ᠠ ᠲᠠᠢ ᠲᠠᠭᠠᠷᠠᠯᠳᠤᠯ᠎ᠠ᠃ ᠤᠶᠢᠯᠠᠭᠠᠭᠰᠠᠨ ᠢᠶᠠᠷ᠂ ᠡᠳᠡᠨ ᠤ ᠬᠢᠨ ᠡᠨᠡ ᠵᠢᠯ ᠤᠨ 7 ᠰᠠᠷ᠎ᠡ ᠠᠴᠠ ᠰᠢᠭᠤᠳ ᠨᠠᠪᠳᠡᠷᠡᠬᠦᠯᠬᠡ ᠪᠠᠷ ᠪᠠᠷᠠᠭ᠎ᠠ ᠪᠠᠨ ᠬᠤᠳᠠᠯᠳᠣᠵᠥ  ᠡᠬᠢᠯᠡᠵᠡᠢ᠃ ᠰᠦᠯᠵᠢᠶᠠᠨ ᠪᠤᠷᠤᠯᠠᠭᠤᠯᠭ᠎ᠠ ᠶᠢ ᠬᠢᠵᠥ ᠡᠬᠢᠯᠡᠭᠰᠡᠨ ᠲᠡᠷᠡ ᠴᠠᠭ ᠠᠴᠠ ᠡᠳᠡᠨ ᠤ ᠬᠢᠨ ᠤᠤᠯ ᠤᠨ ᠬᠢ ᠠᠴᠠ ᠪᠠᠨ ᠬᠤᠯᠠ ᠶᠠᠭᠠᠷᠠᠤ ᠪᠤᠯᠵᠥ᠂ ᠠᠷᠠᠯᠵᠢᠶ᠎ᠠ ᠮᠠᠶᠢᠮᠠᠢ ᠨᠢ ᠴᠦ ᠡᠳᠦᠷ ᠢᠷᠡᠬᠦᠶ᠎ᠠ ᠬᠦᠭᠵᠢᠶᠡᠨ ᠲᠠᠢ ᠪᠤᠯᠤᠨ᠂ ᠪᠤᠷᠤᠯᠠᠭᠤᠯᠤᠯᠳᠠ ᠶᠢᠨ ᠬᠡᠮᠵᠢᠶ᠎ᠠ ᠨᠢ ᠴᠦ ᠲᠠᠭᠠᠯᠳᠣᠨ ᠨᠡᠮᠡᠭᠳᠡᠵᠥ᠂ ᠰᠦᠯᠵᠢᠶᠠᠨ ᠲᠡᠭᠡᠷᠡᠬᠢ ᠵᠠᠬᠢᠶᠠᠯᠠᠭ᠎ᠠ ᠪᠠᠨ ᠰᠢᠢᠳᠪᠦᠷᠢᠯᠡᠵᠥ ᠴᠠᠭ ᠲᠤᠬᠠᠢ ᠳᠤ ᠨᠢ ᠭᠤᠪᠢᠭᠤᠯᠬᠤ ᠪᠠᠷ ᠬᠤᠶᠠᠭᠤᠯᠠ ᠪᠠᠨ ᠪᠤᠷᠪᠢ ᠪᠤᠰᠬᠢᠯ ᠦᠭᠡᠢ ᠶᠠᠭᠠᠷᠠᠨ᠎ᠠ᠃
银匠6.jpg
     ᠠᠭᠠᠷ ᠪᠣᠯ ᠤᠷᠡᠳ ᠤᠨ ᠡᠮᠦᠨᠡᠳᠦ ᠬᠤᠰᠢᠭᠤᠨ ᠤ ᠪᠠᠶᠠᠨᠬᠤᠸᠡ ᠪᠠᠯᠭᠠᠰᠣᠨ ᠤ ᠲᠠᠪᠰᠡᠭ ᠭᠠᠴᠠᠭᠠᠨ ᠳᠤ ᠨᠤᠳᠤᠭ ᠲᠠᠢ  ᠸᠠᠨᠳᠠᠩ᠂ ᠮᠠᠨᠤᠨᠬᠤᠸᠡᠷ ᠬᠤᠶᠡᠷ ᠤᠨ ᠬᠠᠶᠢᠷᠠᠳᠦ ᠬᠦᠪᠡᠬᠦᠨ ᠨᠢ ᠪᠠᠶᠢᠵᠥ᠂ ᠬᠠᠷᠠᠬᠠᠨ ᠪᠠᠭ᠎ᠠ ᠠᠴᠠ ᠪᠠᠨ ᠭᠠᠷ ᠤᠷᠠᠯᠠᠯ ᠳᠤ ᠪᠠᠬ᠎ᠠ ᠲᠠᠢ ᠲᠠᠷᠡ᠂ ᠪᠢᠴᠢᠭ ᠰᠤᠶᠤᠯ ᠤᠨ ᠮᠦᠷ ᠢᠶᠠᠨ ᠲᠤᠳᠠᠭᠤ ᠲᠤᠷᠭᠤᠨ ᠵᠤᠭᠰᠤᠵᠣ᠂ 2015 ᠤᠨ ᠳᠤ ᠠᠩᠬᠠᠨ ᠤ ᠮᠡᠷᠬᠡᠵᠢᠯ ᠤᠨ ᠪᠠᠭᠰᠢ ᠪᠤᠯᠬᠤ ᠤᠷᠡᠳ ᠤᠨ ᠲᠤᠮᠳᠠᠳᠤ ᠬᠤᠰᠢᠭᠤᠨ ᠤ ᠠᠬᠠᠮᠠᠳ ᠮᠦᠩᠬᠦᠨ ᠲᠠᠷᠬᠠᠨ ᠪᠠᠭᠠᠳᠤᠷᠲᠤᠭᠤᠸ᠎ᠠ ᠪᠠᠭᠰᠢ ᠶᠢᠨ ᠲᠤᠤᠷ᠎ᠡ ᠮᠦᠩᠬᠦ ᠬᠠᠶᠢᠯᠠᠭᠤᠯᠬᠤ᠂ ᠴᠤᠬᠢᠬᠤ᠂ ᠰᠢᠬᠢᠳᠬᠡᠬᠦ᠂ ᠵᠠᠯᠭᠠᠬᠤ᠂ ᠤᠬᠢᠶᠠᠬᠤ ᠵᠡᠷᠬᠡ ᠨᠢᠬᠡ ᠰᠢᠷᠢᠰ ᠮᠦᠩᠬᠦ ᠲᠠᠷᠬᠠᠯᠠᠬᠤ ᠮᠡᠷᠬᠡᠵᠢᠯ ᠰᠤᠷᠴᠦ  ᠶᠠᠪᠤᠬᠤ ᠳᠤ ᠪᠠᠨ ᠡᠳᠦᠢ ᠲᠡᠳᠦᠢ ᠬᠦᠴᠢᠷᠳᠡᠯ ᠲᠤᠯᠭᠠᠷᠠᠵᠥ ᠪᠠᠶᠢᠭᠰᠠᠨ ᠴᠦ ᠦᠪᠡᠷ ᠢᠶᠠᠨ ᠮᠦᠩᠬᠦᠨ ᠤ ᠲᠠᠷᠬᠠᠨ ᠪᠤᠯᠵᠥ᠂ ᠦᠨᠳᠣᠰᠣᠳᠠᠨ ᠤ ᠰᠤᠶᠤᠯ ᠤᠷᠠᠯᠠᠯ ᠢᠶᠠᠨ ᠬᠦᠭᠵᠢᠬᠦᠯᠵᠥ ᠤᠯᠠᠮᠵᠢᠯᠠᠬᠤ ᠬᠦᠰᠡᠯ ᠮᠦᠷᠦᠬᠡᠳᠥᠯ ᠪᠠᠨ ᠬᠠᠶᠠᠭᠰᠠᠨ ᠦᠭᠡᠢ ᠬᠠᠷᠢᠨ ᠦᠪᠡᠷ ᠢ ᠪᠠᠨ ᠲᠡᠬᠦᠯᠳᠡᠷᠵᠢᠬᠦᠯᠬᠦ ᠲᠠᠪᠳᠠᠨ ᠪᠤᠯᠪᠠᠰᠣᠷᠠᠭᠤᠯᠤᠯᠳᠠ ᠪᠤᠯᠭᠠᠭᠰᠠᠨ ᠪᠢᠯᠡ᠃     ᠠᠭᠠᠷ ᠮᠦᠩᠬᠦ ᠲᠠᠷᠬᠠᠯᠠᠬᠤ ᠮᠡᠷᠬᠡᠵᠢᠯ ᠢ ᠬᠡᠳᠦᠶᠢᠪᠡᠷ ᠨᠠᠯᠢᠶᠠᠳ ᠡᠵᠡᠮᠰᠢᠵᠥ ᠦᠪᠡᠷ ᠤᠨ ᠪᠠᠶ᠎ᠡ ᠪᠠᠨ ᠲᠠᠭᠠᠭᠠᠵᠥ  ᠬᠤᠪᠢ ᠪᠠᠷ ᠢᠶᠠᠨ ᠪᠦᠳᠦᠬᠡᠯ ᠬᠢᠵᠥ ᠴᠢᠳᠠᠬᠤ ᠬᠡᠮᠵᠢᠶᠠᠨ ᠳᠤ ᠬᠦᠷᠦᠭᠰᠡᠨ ᠴᠦ᠂ ᠭᠠᠵᠠᠷ ᠭᠠᠵᠠᠷ ᠤᠨ ᠤᠨᠴᠠᠯᠢᠭ ᠲᠠᠢ ᠡᠯᠧᠮᠧᠨ᠋ᠲ ᠤᠳ ᠢ ᠡᠵᠡᠮᠰᠢᠵᠥ᠂ ᠤᠯᠠᠮᠵᠢᠯᠠᠯᠳᠥ ᠪᠠ ᠤᠳᠤᠬᠢᠴᠢᠯᠠᠭᠰᠠᠨ ᠶᠢ ᠤᠶᠠᠯᠳᠤᠭᠤᠯᠤᠭᠰᠠᠨ ᠰᠢᠨ᠎ᠡ ᠮᠠᠶ᠋ᠢᠭ ᠢᠶᠠᠷ ᠤᠷᠠᠯᠠᠬᠤ ᠠᠶᠠᠨ ᠢᠶᠠᠨ ᠡᠯᠬᠦᠬᠦ ᠪᠠᠷ ᠪᠠᠶᠢᠩᠭᠤ ᠡᠯ᠎ᠡ ᠠᠶᠢᠮᠠᠭ ᠬᠤᠳᠠ ᠠᠴᠠ ᠵᠤᠬᠢᠶᠠᠨ ᠪᠠᠶᠢᠭᠤᠯᠤᠭᠰᠠᠨ ᠭᠠᠷ ᠤᠷᠠᠯᠠᠯ ᠤᠨ ᠪᠤᠯᠪᠠᠰᠣᠷᠠᠯ ᠤᠨ ᠬᠦᠳᠡᠯᠬᠡᠬᠡᠨ ᠳᠤ ᠤᠷᠤᠯᠴᠠᠬᠤ ᠳᠤ ᠪᠠᠨ ᠲᠦᠷᠪᠡᠳ ᠨᠤᠳᠤᠭ ᠲᠠᠢ ᠲᠤᠯᠤᠭᠠᠨᠬᠡᠷᠡᠯ ᠲᠠᠢ ᠲᠠᠨᠢᠯᠴᠠᠵᠥ᠂ ᠤᠳᠤ ᠪᠤᠯᠬᠤ ᠳᠤ ᠨᠢᠬᠡᠨᠳᠡ ᠬᠠᠯᠠᠭᠤᠨ ᠲᠤᠯᠠᠭᠠᠨ ᠬᠡᠷ ᠪᠦᠯᠢ ᠪᠠᠨ ᠪᠠᠶᠢᠭᠤᠯᠤᠭᠰᠠᠨ ᠢᠶᠠᠷ ᠪᠠᠷᠠᠬᠤ ᠦᠭᠡᠢ᠂ ᠬᠠᠮᠳᠤ ᠳᠤ ᠪᠠᠨ ᠰᠡᠳᠬᠢᠯ ᠨᠢᠬᠡᠳᠦᠨ ᠮᠦᠩᠬᠦᠨ ᠤ ᠡᠳ᠋ᠯᠠᠯ ᠬᠡᠷᠡᠭᠰᠡᠯ᠂ ᠵᠠᠰᠠᠯ ᠴᠢᠮᠡᠭᠯᠡᠯ ᠤᠨ ᠵᠦᠢᠯᠡᠰ ᠢᠶᠠᠨ ᠬᠢᠵᠥ ᠶᠠᠪᠤᠨ᠎ᠠ᠃ ᠤᠨᠴᠠᠭᠠᠶᠢᠯᠠᠨ ᠤᠳᠤ ᠴᠠᠭ ᠲᠤ ᠬᠠᠮᠤᠭ ᠬᠦᠷᠢᠶᠠᠯᠠᠯ ᠲᠠᠢ ᠮᠦᠷᠳᠡᠬᠡᠨ ᠬᠦᠭᠵᠢᠶᠡᠨ ᠲᠠᠢ ᠪᠠᠶᠢᠳᠠᠭ ᠰᠦᠯᠵᠢᠶᠠᠨ ᠪᠤᠷᠤᠯᠠᠭᠤᠯᠭ᠎ᠠ ᠨᠢ ᠡᠳᠡᠨ ᠤ ᠤᠤᠯ ᠤᠨ ᠨᠤᠳᠤᠭ ᠤᠨ ᠬᠦᠮᠦᠰ ᠲᠤ ᠪᠠᠨ ᠯᠠ ᠠᠷᠠᠯᠵᠢᠶᠠᠯᠠᠳᠠᠭ ᠪᠠᠶᠢᠭᠰᠠᠨ ᠬᠡᠪ ᠪᠠᠶᠢᠳᠠᠯ ᠢ ᠬᠤᠪᠢᠷᠠᠭᠤᠯᠵᠥ᠂ ᠪᠦᠬᠦ ᠬᠤᠳᠠ᠂ ᠪᠦᠬᠦ ᠤᠷᠤᠨ᠂ ᠲᠡᠷᠡᠴᠢᠯᠠᠨ ᠪᠦᠬᠦ ᠤᠯᠤᠰ ᠤᠨ ᠡᠯ᠎ᠡ ᠦᠨᠳᠣᠰᠣᠳᠠᠨ ᠤ ᠤᠯᠠᠨ ᠲᠦᠮᠡᠨ ᠳᠤ ᠠᠷᠠᠯᠵᠢᠶᠠᠯᠠᠳᠠᠭ ᠪᠤᠯᠭᠠᠭᠰᠠᠨ ᠪᠠᠶᠢᠨ᠎ᠠ᠃      ᠲᠤᠯᠤᠭᠠᠨᠬᠡᠷᠡᠯ ᠤᠨ ᠬᠡᠯᠡᠬᠦ ᠪᠠᠷ᠂ ᠰᠢᠭᠤᠳ ᠨᠡᠪᠳᠡᠷᠡᠬᠦᠯᠬᠡ ᠬᠢᠭᠡᠳ ᠤᠳᠤ ᠪᠤᠯᠳᠠᠯ᠎ᠠ ᠰᠦᠯᠵᠢᠶᠠᠨ ᠲᠡᠭᠡᠷ᠎ᠡ ᠠᠷᠪᠠᠨ ᠬᠡᠳᠦ ᠤᠳᠠᠭᠠᠨ ᠤ ᠵᠠᠬᠢᠶᠠᠯᠠᠭ᠎ᠠ ᠶᠢ ᠪᠡᠶᠡᠯᠡᠬᠦᠯᠵᠥ᠂ ᠶᠡᠭᠡ ᠬᠠᠨᠤᠮᠵᠢᠳᠠᠢ ᠪᠢᠰᠢ ᠪᠠᠶᠢᠭᠰᠠᠨ ᠴᠦ ᠬᠤᠵᠢᠮ ᠰᠠᠶᠢᠨ ᠪᠤᠯᠤᠨ᠎ᠠ ᠬᠡᠳᠡᠭ ᠲᠤ ᠢᠳᠡᠬᠡᠯ ᠲᠠᠢ ᠪᠠᠶᠢᠨ᠎ᠠ ᠬᠡᠯ᠎ᠡ᠃
银匠5.jpg
     ᠠᠭᠠᠷ᠂ ᠲᠤᠯᠤᠭᠠᠨᠬᠡᠷᠡᠯ᠂ ᠱᠠᠪᠢ ᠲᠠᠢ ᠪᠠᠨ ᠭᠤᠷᠪᠠᠭᠤᠯᠨ ᠡᠨᠡᠬᠦ ᠲᠡᠯᠬᠡᠬᠦᠷ ᠲᠤ ᠪᠠᠨ ᠪᠦᠷ ᠮᠦᠩᠬᠦᠨ ᠲᠠᠷᠬᠠᠨ ᠤ ᠠᠵᠢᠯ ᠢ ᠡᠬᠦᠷᠬᠡᠯᠡᠳᠡᠭ ᠪᠠᠷ ᠪᠠᠷᠠᠬᠤ ᠦᠭᠡᠢ ᠪᠠᠰᠠ ᠲᠡᠯᠬᠡᠬᠦᠷ ᠤᠨ ᠢᠶᠠᠨ ᠡᠵᠡᠩᠨᠡᠭᠴᠢ᠂ ᠦᠢᠯᠡᠴᠢᠯᠡᠭᠴᠢ᠂ ᠪᠤᠷᠤᠯᠠᠭᠤᠯᠤᠭᠴᠢ᠂ ᠵᠢᠷᠤᠭᠯᠠᠨ ᠲᠦᠰᠦᠪᠯᠡᠬᠦ ᠠᠵᠢᠯ ᠢ ᠪᠦᠷ ᠦᠪᠡᠷᠰᠡᠳ ᠢᠶᠠᠨ ᠬᠢᠵᠥ ᠪᠡᠶᠡᠯᠡᠬᠦᠯᠥᠨ᠂ 100 ᠭᠠᠷᠦᠢ ᠲᠡᠭᠰᠢ ᠲᠦᠷᠪᠡᠯᠵᠢᠨ ᠮᠧᠲᠷ ᠤᠨ ᠲᠠᠯᠠᠪᠠᠢ ᠲᠠᠢ ᠬᠤᠶᠡᠷ ᠲᠠᠪᠬᠤᠷ ᠤᠨ ᠲᠡᠯᠬᠡᠬᠦᠷ ᠲᠤ ᠪᠠᠨ ᠠᠵᠢᠯᠯᠠᠬᠤ ᠲᠠᠰᠤᠭ᠂ ᠰᠢᠭᠤᠳ ᠨᠡᠪᠳᠡᠷᠡᠬᠦᠯᠬᠡ ᠬᠢᠬᠦ ᠲᠠᠪᠴᠠᠩ ᠪᠠ ᠪᠠᠷᠠᠭ᠎ᠠ ᠪᠠᠨ ᠲᠡᠯᠬᠡᠨ ᠪᠤᠷᠤᠯᠠᠭᠤᠯᠬᠤ ᠦᠵᠡᠬᠦᠯᠬᠡ ᠶᠢᠨ ᠲᠤᠭᠤᠷᠢᠭ ᠢ ᠪᠠᠭᠳᠠᠭᠠᠵᠤ᠂ ᠮᠤᠩᠭᠤᠯᠵᠢᠭᠤᠨ ᠤᠨᠴᠠᠯᠢᠭ ᠲᠠᠢ ᠵᠠᠰᠠᠵᠥ ᠴᠢᠮᠡᠭᠰᠡᠨ ᠪᠠᠶᠢᠳᠠᠭ ᠢᠶᠠᠷ ᠢᠶᠠᠨ ᠬᠡᠶᠢᠴᠢᠳ ᠵᠤᠴᠢᠳ ᠲᠤ ᠲᠠᠭᠠᠳᠠᠢ ᠤᠷᠴᠢᠨ ᠢ ᠬᠠᠩᠭᠠᠭᠰᠠᠨ ᠪᠠᠶᠢᠨ᠎ᠠ᠃ ᠨᠠᠩ ᠢᠯᠠᠩᠭᠤᠶ᠎ᠠ ᠡᠳᠡᠨ ᠤ ᠤᠯᠠᠮᠵᠢᠯᠠᠯᠳᠥ ᠪᠠ ᠤᠳᠤᠬᠢᠴᠢᠯᠠᠯᠳᠠ ᠶᠢ ᠤᠶᠠᠯᠳᠤᠭᠤᠯᠤᠭᠰᠠᠨ ᠰᠢᠨ᠎ᠠ ᠬᠡᠪ ᠵᠠᠭᠪᠤᠷ ᠲᠠᠢ᠂ ᠴᠤᠯᠤ ᠭᠠᠷ ᠤᠷᠠᠯᠠᠯ ᠢᠶᠠᠷ ᠬᠢᠭᠰᠡᠨ ᠪᠦᠳᠦᠬᠡᠯ ᠤᠳ ᠨᠢ ᠬᠤᠯᠠ ᠦᠢᠷ᠎ᠡ ᠶᠢᠨ ᠬᠦᠮᠦᠰ ᠲᠤ ᠲᠠᠭᠠᠰᠢᠶᠠᠭᠳᠠᠵᠣ ᠪᠠᠶᠢᠭ᠎ᠠ ᠪᠢᠯᠠ᠃     ᠡᠶᠢᠨᠬᠦ ᠠᠭᠠᠷ᠂ ᠲᠤᠯᠤᠭᠠᠨᠬᠡᠷᠡᠯ ᠬᠤᠶᠡᠷ ᠤᠨ ᠴᠢᠷᠮᠠᠶᠢᠯᠠᠭ᠎ᠠ ᠪᠠᠷ ᠤᠷᠠᠯᠠᠵᠥ ᠪᠦᠳᠦᠬᠡᠭᠰᠡᠨ ᠮᠦᠩᠬᠦᠨ ᠤ ᠵᠦᠢᠯᠡᠰ ᠨᠢ ᠤᠯᠠᠨ ᠲᠦᠮᠡᠨ ᠳᠤ ᠲᠠᠨᠢᠭᠳᠠᠵᠤ ᠮᠡᠳᠡᠷᠡᠭᠳᠡᠨ᠂ ᠤᠯᠠᠨ ᠤᠳᠠᠭᠠᠨ ᠤ ᠤᠷᠤᠯᠳᠤᠭᠠᠨ ᠮᠦᠷᠦᠶᠢᠴᠡᠬᠡᠨ ᠳᠤ ᠴᠦ ᠰᠢᠯᠢᠳᠡᠭ ᠬᠢᠷᠢ ᠪᠦᠳᠦᠮᠵᠢ ᠠᠪᠴᠦ ᠪᠠᠶᠢᠭᠰᠠᠨ ᠢᠶᠠᠷ ᠪᠠᠷᠠᠬᠤ ᠦᠭᠡᠢ᠂ ︽ᠬᠡ᠊᠂ ᠰᠤᠭᠠᠷ ︾ ᠬᠡᠬᠦ ᠪᠠᠷᠠᠭᠠᠨ ᠤ ᠲᠡᠮᠳᠡᠭ ᠲᠠᠩᠰᠠᠯᠠᠭᠤᠯᠵᠥ᠂  2019 ᠤᠨ ᠳᠤ ᠬᠤᠳᠠ ᠶᠢᠨ ᠵᠠᠰᠠᠭ ᠤᠨ ᠤᠷᠳᠤᠨ ᠠᠴᠠ ︽ᠪᠠᠶᠠᠨᠨᠠᠭᠤᠷ ᠬᠤᠳᠠ ᠶᠢᠨ ᠬᠤᠳᠠ ᠶᠢᠨ ᠲᠠᠰ ᠤᠨ ᠪᠡᠶᠡᠳᠦ ᠪᠤᠰᠤ ᠰᠤᠶᠤᠯ ᠤᠨ ᠦᠪ ᠤᠨ ᠤᠷᠡᠳ ᠭᠠᠦᠯᠢ ᠮᠦᠩᠬᠦᠨ ᠬᠡᠷᠡᠭᠰᠡᠯ ᠦᠢᠯᠡᠳᠬᠦ ᠮᠡᠷᠬᠡᠵᠢᠯ︾ ᠤᠨ ᠬᠢᠷᠢ ᠬᠡᠮ ᠤᠨ ᠫᠠᠶᠢᠰᠠ ᠢ ᠤᠯᠭᠤᠵᠥ ᠦᠭᠬᠦᠭᠰᠡᠨ ᠢᠶᠠᠷ ᠡᠳᠡ ᠬᠤᠶᠡᠷ ᠤᠨ ᠢᠳᠡᠬᠡᠯ ᠵᠤᠷᠢᠭ ᠢ ᠨᠢ ᠤᠯᠠᠮ ᠬᠦᠪᠴᠢᠯᠠᠨ ᠴᠢᠩᠭᠠᠯᠠᠵᠥ᠂ ᠵᠤᠷᠢᠭᠰᠠᠨ ᠵᠤᠷᠢᠯᠳᠠ᠂ ᠬᠦᠰᠡᠭᠰᠡᠨ ᠬᠠᠷᠠᠯᠳᠠ ᠵᠦᠭ ᠢᠶᠠᠨ ᠵᠤᠤᠵᠠᠢ ᠬᠤᠯᠪᠤᠨ ᠲᠦᠷᠦᠬᠡ ᠬᠠᠷᠰᠢᠭᠤᠯᠤᠨ ᠲᠠᠮᠠᠦᠯᠡᠨ ᠤᠷᠤᠭᠰᠢᠯᠠᠭᠰᠠᠭᠠᠷ ᠪᠤᠢ᠃
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ