ᠵᠠᠬᠢᠶᠠᠯᠠᠭ᠎ᠠ ᠶᠢᠨ ᠪᠤᠭᠤᠳᠠᠢ ᠲᠠᠷᠢᠶᠠᠴᠢᠳ ᠤᠨ ᠣᠷᠣᠯᠭ᠎ᠠ ᠶᠢ ᠪᠠᠲᠤᠯᠠᠭ᠎ᠠ ᠲᠠᠢ ᠪᠣᠯᠭᠠᠵᠤ ᠪᠠᠶᠢᠨ᠎ᠠ
ᠨᠡᠶᠢᠲᠡᠯᠡᠭᠰᠡᠨ ᠴᠠᠭ᠄
2021/11/23
      ᠶᠡᠷᠦ  ᠶᠢᠨ ᠦᠭᠡᠨ  ᠳᠤ ︽ᠬᠠᠪᠤᠷ  ᠤᠨ ᠰᠠᠯᠬᠢᠨ  ᠳᠤ  ᠪᠤᠭᠤᠳᠠᠢ ᠣᠷᠭᠤᠳᠠᠭ︾ ᠭᠡᠳᠡᠭ ᠢᠶᠠᠷ᠂ ᠡᠨᠡ ᠬᠡᠳᠦᠨ ᠡᠳᠦᠷ ᠤᠨ ᠬᠥᠷᠥᠰᠥᠨ ᠤ ᠴᠢᠭᠢᠭ ᠤᠨ ᠪᠠᠶᠢᠳᠠᠯ ᠪᠣᠯ ᠶᠠᠭ ᠪᠤᠭᠤᠳᠠᠶ ᠳᠠᠷᠢᠬᠤ ᠬᠠᠮᠤᠭ ᠲᠤᠬᠢᠷᠠᠮᠵᠢᠲᠠᠢ ᠴᠠᠭ ᠪᠣᠯᠤᠨ᠎ᠠ᠃ ᠤᠷᠠᠳ ᠤᠨ ᠡᠮᠦᠨᠡᠲᠦ ᠬᠤᠰᠢᠭᠤᠨ ᠤ ᠰᠢᠨ ᠠᠨ ᠪᠠᠯᠭᠠᠰᠤᠨ ᠤ ᠬᠤᠩ ᠭᠤᠸᠠᠩ ᠲᠣᠰᠬᠤᠨ ᠤ ᠬᠤᠩ ᠯᠢᠤ ᠯᠢᠨ ᠲᠣᠭᠤᠶᠢᠯᠠᠩ ᠤᠨ ᠪᠤᠭᠤᠳᠠᠢ ᠲᠠᠷᠢᠬᠤ ᠰᠠᠭᠤᠷᠢᠨ ᠭᠠᠵᠠᠷ ᠲᠤ᠂  ᠣᠯᠠᠨ  ᠮᠠᠰᠢᠨ  ᠲᠠᠷᠢᠶᠠᠨ  ᠭᠠᠵᠠᠷ ᠲᠤ ᠰᠦᠯᠵᠢᠯᠳᠦᠵᠦ᠂ ᠲᠠᠷᠢᠶᠠᠴᠢᠳ ᠶᠠᠭ ᠴᠠᠭ ᠢ ᠠᠮᠵᠢᠨ ᠪᠤᠭᠤᠳᠠᠢ ᠲᠠᠷᠢᠵᠤ ᠶᠠᠭᠠᠷᠠᠯᠳᠣᠨ᠎ᠠ᠃       ᠤᠷᠠᠳ ᠤᠨ ᠡᠮᠦᠨᠡᠲᠦ ᠬᠤᠰᠢᠭᠤᠨ ᠤ ᠰᠢᠨ ᠠᠨ ᠪᠠᠯᠭᠠᠰᠤᠨ ᠤ ᠬᠤᠩ ᠭᠤᠸᠠᠩ ᠲᠣᠰᠬᠤᠨ ᠤ ᠲᠠᠷᠢᠶᠠᠴᠢᠨ ᠵᠠᠩ ᠬᠤᠩ ᠤᠨ ᠬᠢ 10 ᠭᠠᠷᠤᠢ ᠮᠦ ᠲᠠᠷᠢᠶᠠᠨ ᠭᠠᠵᠠᠷ ᠲᠠᠢ ᠪᠠᠶᠢᠵᠤ᠂ ᠨᠢᠳᠤᠨᠤᠨ ᠲᠠᠷᠢᠶᠠᠨ ᠭᠠᠵᠠᠷ ᠲᠤ ᠪᠠᠨ ᠬᠤᠯᠤ  ᠲᠠᠷᠢᠭᠰᠠᠨ ᠪᠠᠶᠢᠵᠠᠢ᠃ ᠭᠡᠪᠡᠴᠥ ᠡᠨᠡ ᠵᠢᠯ᠂ ᠲᠡᠷᠡ ᠲᠤᠬᠠᠢ ᠶᠢᠨ ᠭᠠᠵᠠᠷ ᠤᠨ ᠵᠠᠰᠠᠭ ᠤᠨ ᠣᠷᠳᠣᠨ  ᠤ ᠵᠢᠯᠤᠭᠤᠳᠤᠯᠭ᠎ᠠ ᠪᠠᠷ ᠦᠪᠦᠷ ᠮᠤᠩᠭᠤᠯ ᠤᠨ ᠱᠦᠸᠧ ᠾᠧ ᠾᠧ ᠲᠠᠷᠢᠶᠠᠯᠠᠩ ᠤᠨ ᠬᠥᠭᠵᠢᠭᠦᠯᠦᠯᠲᠡ  ᠶᠢᠨ ᠬᠢᠵᠠᠭᠠᠷᠲᠤ ᠺᠣᠮᠫᠠᠨᠢ ᠲᠠᠢ ᠵᠠᠬᠢᠶᠠᠯᠠᠭ᠎ᠠ ᠶᠢᠨ ᠭᠡᠷ᠎ᠡ ᠲᠣᠭᠲᠠᠵᠤ᠂ ᠦᠪᠡᠷ ᠤᠨ ᠪᠦᠬᠦ ᠲᠠᠷᠢᠶᠠᠨ ᠭᠠᠵᠠᠷ ᠲᠤ ᠪᠠᠨ ᠪᠤᠭᠤᠳᠠᠢ ᠲᠠᠷᠢᠭᠰᠠᠨ ᠪᠠᠶᠢᠨ᠎ᠠ᠃ ︽ᠡᠨᠡ ᠵᠢᠯ ᠪᠤᠭᠤᠳᠠᠶ ᠳᠠᠷᠢᠬᠤ ᠳᠤ᠂ ᠵᠠᠰᠠᠭ ᠤᠨ ᠣᠷᠳᠣᠨ ᠪᠣᠯᠤᠨ ᠲᠤᠬᠠᠶ ᠶᠢᠨ ᠭᠠᠵᠠᠷ ᠤᠨ ᠲᠠᠷᠢᠶᠠᠯᠠᠩ ᠤᠨ ᠠᠵᠤ ᠠᠬᠤᠶᠢᠯᠠᠯ ᠪᠦᠷ ᠪᠢᠳᠡᠨ ᠢ ᠶᠡᠭᠡ ᠪᠠᠷ ᠲᠡᠮᠵᠢᠵᠠᠢ᠂ ᠪᠠᠰᠠ ᠮᠦ ᠪᠦᠷᠢ ᠳᠤ 450 ᠲᠥᠭᠦᠷᠢᠭ ᠤᠨ ᠲᠦᠷᠦᠯ ᠵᠦᠢᠯ ᠤᠨ ᠨᠥᠬᠦᠪᠥᠷᠢ ᠦᠭᠭᠦᠭᠰᠡᠨ ᠮᠦᠷᠲᠡᠭᠡᠨ᠂ ᠠᠵᠤ ᠠᠬᠤᠶᠢᠯᠠᠯ ᠤᠨ ᠬᠢᠨ ᠪᠤᠭᠤᠳᠠᠢ ᠲᠠᠷᠢᠬᠤ ᠠᠴᠠ ᠬᠤᠷᠢᠶᠠᠬᠤ ᠬᠦᠷᠲᠡᠯᠡᠬᠢ ᠪᠦᠬᠦ ᠶᠠᠪᠤᠴᠠ ᠳᠤ ᠦᠢᠯᠡᠴᠢᠯᠡᠭᠡ ᠬᠠᠩᠭᠠᠵᠤ᠂ ᠨᠢᠭᠡᠳᠦᠯᠲᠡᠢ ᠬᠠᠮᠢᠶᠠᠷᠣᠭᠰᠠᠨ ᠠᠴᠠ  ᠪᠢᠳᠠᠨ ᠤ ᠣᠷᠤᠯᠭ᠎ᠠ ᠴᠤ ᠪᠠᠲᠤᠯᠠᠭ᠎ᠠ ᠲᠠᠢ ᠪᠤᠯᠤᠭᠰᠠᠨ᠃ ᠨᠢᠭᠡ ᠮᠦ ᠪᠤᠭᠤᠳᠠᠢ ᠶᠢᠨ ᠲᠠᠷᠢᠶᠠᠨ ᠭᠠᠵᠠᠷ ᠠᠴᠠ ᠵᠢᠱᠢᠯᠲᠡ ᠪᠠᠷ 2000 ᠭᠠᠷᠤᠢ ᠲᠥᠭᠦᠷᠢᠭ‌‍ᠤᠨ ᠤᠷᠤᠯᠭ᠎ᠠ ᠤᠯᠬᠤ ᠪᠤᠯᠤᠨ᠎ᠠ᠂  ᠡᠭᠦᠨ  ᠤ ᠳᠡᠭᠡᠷ᠎ᠡ᠂ ᠪᠤᠭᠤᠳᠠᠢ  ᠪᠠᠨ ᠬᠤᠷᠢᠶᠠᠭᠰᠠᠨ ᠤ ᠲᠠᠷᠠᠭ᠎ᠠ ᠪᠠᠰᠠ ᠨᠢᠭᠡ ᠪᠦᠯᠦᠭ ᠨᠣᠭᠤᠭ᠎ᠠ  ᠶᠢᠨ ᠲᠦᠷᠦᠯ  ᠢ ᠲᠠᠷᠢᠪᠠᠯ ᠪᠠᠰᠠ ᠣᠷᠤᠯᠭ᠎ᠠ ᠤᠯᠵᠤ ᠴᠢᠳᠠᠨ᠎ᠠ᠂ ᠡᠨᠡ ᠮᠡᠲᠦ  ᠪᠠᠷ ᠪᠤᠳᠣᠪᠠᠯ᠂ ᠮᠠᠨ ᠤ ᠨᠢᠭᠡ ᠵᠢᠯ  ᠤᠨ ᠣᠷᠤᠯᠭ᠎ᠠ ᠮᠠᠰᠢ ᠬᠠᠩᠭᠠᠮᠵᠢᠲᠠᠢ ᠪᠤᠯᠤᠨ᠎ᠠ︾ ᠭᠡᠵᠦ ᠵᠠᠩ ᠬᠤᠩ ᠰᠤᠷᠪᠤᠯᠵᠢᠯᠠᠭᠴᠢ ᠳᠤ ᠶᠠᠷᠢᠪᠠ᠃
小麦1.jpg
      ᠣᠶᠢᠷ᠎ᠠ ᠶᠢᠨ ᠵᠢᠯ ᠠᠴᠠ ᠨᠠᠰᠢ᠂ ᠰᠢᠨ ᠠᠨ ᠪᠠᠯᠭᠠᠰᠤ᠂ ᠲᠠᠷᠢᠶᠠᠴᠢᠳ‌‍ᠤᠨ ᠠᠮᠤ ᠪᠤᠳᠠᠭ᠎ᠠ ᠳᠠᠷᠢᠬᠤ ᠢᠳᠡᠪᠬᠢᠵᠢᠯ ᠢ ᠳᠠᠶᠢᠴᠢᠯᠠᠨ᠂ ᠲᠠᠷᠢᠶᠠᠨ ᠭᠠᠵᠠᠷ ᠤᠨ ᠠᠰᠢᠭᠯᠠᠯᠲᠠ ᠶᠢᠨ ᠨᠣᠷᠮ᠎ᠠ ᠶᠢ ᠳᠡᠭᠡᠭᠰᠢᠯᠡᠬᠦᠯᠵᠦ᠂ ᠲᠠᠷᠢᠶᠠᠴᠢᠳ ᠤᠨ ᠣᠷᠤᠯᠭ᠎ᠠ ᠶᠢ ᠨᠡᠮᠡᠭᠳᠡᠭᠦᠯᠬᠦ ᠶᠢᠨ ᠲᠦᠯᠦᠭᠡ᠂ ︽ᠠᠵᠤ ᠠᠬᠤᠶᠢᠯᠠᠯ + ᠲᠠᠷᠢᠶᠠᠴᠢᠨ ᠡᠷᠦᠬᠡ︾ ᠬᠤᠯᠪᠤᠭᠠᠯᠠᠬᠤ ᠠᠷᠭ᠎ᠠ ᠪᠠᠷ᠂ ᠠᠵᠤ ᠠᠬᠤᠶᠢᠯᠠᠯ  ᠢ ᠬᠥᠲᠥᠯᠦᠨ  ᠵᠢᠯᠣᠭᠤᠳᠴᠤ ᠪᠠᠶᠢᠭᠠᠳ ᠲᠠᠷᠢᠶᠠᠴᠢᠨ ᠡᠷᠦᠬᠡ ᠲᠠᠢ ᠪᠤᠭᠤᠳᠠᠢ ᠳᠠᠷᠢᠬᠤ ᠵᠠᠬᠢᠶᠠᠯᠠᠭ᠎ᠠ ᠲᠣᠭᠲᠠᠨ᠂ ᠲᠠᠷᠢᠶᠠᠴᠢᠨ ᠡᠷᠦᠬᠡ ᠶᠢᠨ ᠣᠷᠤᠯᠭ᠎ᠠ  ᠶᠢ ᠪᠠᠲᠤᠯᠠᠭ᠎ᠠ ᠲᠠᠢ ᠪᠣᠯᠭᠠᠭᠰᠠᠨ ᠠᠴᠠ ᠲᠠᠷᠢᠶᠠᠴᠢᠳ ᠤᠨ ᠣᠷᠣᠯᠭ᠎ᠠ ᠂ ᠲᠠᠷᠢᠶᠠᠨ ᠭᠠᠵᠠᠷ ᠤᠨ ᠦᠷ᠎ᠡ ᠠᠰᠢᠭ ᠢ ᠶᠡᠭᠡᠪᠡᠷ ᠨᠡᠮᠡᠭᠳᠡᠭᠦᠯᠬᠦ ᠬᠠᠷᠠᠯᠲᠠ ᠶᠢ ᠪᠡᠶᠡᠯᠡᠭᠦᠯᠦᠭᠰᠡᠨ ᠪᠠᠶᠢᠨ᠎ᠠ᠃ ᠡᠭᠦᠨ ᠤ ᠬᠠᠮᠲᠤ᠂ ᠰᠢᠨ ᠠᠨ ᠪᠠᠯᠭᠠᠰᠤ ᠪᠠᠰᠠ ᠲᠠᠷᠢᠶᠠᠴᠢᠳ ᠲᠤ ᠠᠰᠢᠭ ᠬᠦᠷᠲᠡᠭᠡᠬᠦ ᠡᠯ᠎ᠡ ᠵᠦᠢᠯ ᠤᠨ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠵᠤ᠂ ᠪᠥᠬᠦ ᠬᠤᠰᠢᠭᠤᠨ ᠤ ᠪᠣᠭᠤᠳᠠᠶ ᠶᠢᠨ ᠲᠠᠷᠢᠮᠠᠯ  ᠤᠨ ᠨᠥᠬᠦᠪᠥᠷᠢ᠂ ᠲᠠᠷᠢᠶᠠᠨ ᠭᠠᠵᠠᠷ  ᠤᠨ ᠡᠭᠡᠯᠵᠢᠯᠡᠨ ᠳᠠᠷᠢᠬᠤ ᠲᠥᠷᠥᠯ ᠵᠦᠢᠯ ᠪᠠ ᠨᠢᠭᠡ ᠪᠦᠯᠦᠭ ᠨᠡᠶᠢᠭᠡᠮ ᠤᠨ ᠦᠢᠯᠡᠴᠢᠯᠡᠭᠡᠨ ᠤ ᠲᠥᠷᠥᠯ ᠵᠦᠢᠯ  ᠢ ᠤᠶᠠᠯᠳᠤᠭᠤᠯᠤᠨ᠂ ᠠᠮᠤ ᠪᠤᠳᠠᠭᠠᠨ  ᠤ ᠲᠠᠷᠢᠮᠠᠯ  ᠢ ᠠᠬᠢᠭᠤᠯᠵᠤ᠂ ᠲᠥᠷᠥᠯ ᠵᠦᠢᠯ ᠢ ᠠᠭᠤᠰᠣᠯᠴᠠᠭᠤᠯᠣᠨ᠂ ᠲᠠᠷᠢᠶᠠᠨ  ᠭᠠᠵᠠᠷ  ᠢ  ᠨᠢᠭᠡᠳᠬᠡᠬᠦ᠂ ᠠᠵᠤ ᠣᠶᠢᠯᠡᠰ ᠢ ᠤᠶᠠᠯᠳᠤᠭᠤᠯᠬᠤ ᠪᠠᠷ ᠳᠡᠮᠵᠢᠨ᠂ ᠰᠢᠨ ᠠᠨ ᠪᠠᠯᠭᠠᠰᠤᠨ ᠤ ᠪᠣᠭᠤᠳᠠᠶ ᠶᠢᠨ ᠠᠵᠤ ᠦᠢᠯᠡᠰ ᠤᠨ ᠬᠥᠭᠵᠢᠯᠲᠡ ᠶᠢ ᠪᠦᠬᠦᠯᠢ ᠴᠣᠭᠴᠠ ᠪᠠᠷ  ᠨᠢ ᠠᠬᠢᠭᠤᠯᠵᠤ᠂ ᠪᠣᠬᠢᠷᠲᠤᠯ ᠥᠬᠡᠶ ᠣᠷᠭᠠᠨᠢᠭ  ᠪᠣᠭᠤᠳᠠᠶ  ᠶᠢᠨ ᠲᠠᠷᠢᠮᠠᠯ ᠤᠨ ᠰᠠᠭᠤᠷᠢᠨ ᠭᠠᠵᠠᠷ ᠤᠨ ᠪᠥᠲᠥᠭᠡᠨ ᠪᠠᠶᠢᠭᠤᠯᠤᠯᠲᠠ  ᠶᠢ ᠢᠳᠡᠪᠬᠢᠲᠡᠶ ᠲᠦᠯᠬᠢᠨ ᠠᠬᠢᠭᠤᠯᠤᠭᠰᠠᠨ ᠪᠠᠶᠢᠨ᠎ᠠ᠃      ᠲᠠᠷᠢᠶᠠᠯᠠᠩ  ᠦᠢᠯᠡᠳᠪᠦᠷᠢᠯᠡᠯ  ᠤᠨ  ᠰᠢᠨᠵᠢᠯᠡᠬᠦ  ᠣᠬᠠᠭᠠᠨᠴᠢᠯᠠᠯᠲᠠ᠂  ᠪᠠᠷᠢᠮᠵᠢᠶᠠᠵᠢᠭᠤᠯᠤᠯᠲᠠ᠂ ᠲᠠᠷᠢᠶᠠᠯᠠᠩ  ᠤᠨ ᠪᠦᠲᠦᠭᠡᠭᠳᠡᠬᠦᠨ ᠤ ᠶᠠᠰᠤ ᠴᠢᠨᠠᠷ  ᠢ ᠳᠡᠭᠡᠭᠰᠢᠯᠡᠬᠦᠯᠬᠦ ᠪᠠ ᠲᠠᠷᠢᠶᠠᠨ ᠭᠠᠵᠠᠷ ᠤᠨ ᠭᠠᠷᠤᠯᠲᠠ ᠶᠢᠨ ᠦᠷ᠎ᠡ ᠠᠰᠢᠭ ᠢ ᠨᠡᠮᠡᠭᠳᠡᠬᠦᠯᠬᠦ ᠶᠢᠨ ᠲᠥᠯᠥᠭᠡ᠂ ᠦᠪᠦᠷ ᠮᠤᠩᠭᠤᠯ ᠤᠨ ᠱᠦᠸᠧ ᠾᠧ ᠾᠧ ᠲᠠᠷᠢᠶᠠᠯᠠᠩ ᠤᠨ ᠬᠥᠭᠵᠢᠭᠦᠯᠦᠯᠲᠡ ᠶᠢᠨ ᠬᠢᠵᠠᠭᠠᠷᠲᠤ ᠺᠣᠮᠫᠠᠨᠢ ᠨᠢ ᠲᠠᠷᠢᠶᠠᠨ ᠭᠠᠵᠠᠷ ᠢ ᠳᠠᠷᠢᠬᠤ᠂ ᠲᠠᠷᠢᠶᠠᠨ ᠭᠠᠵᠠᠷ ᠤᠨ ᠬᠤᠷᠦᠬᠠᠢ  ᠢ ᠰᠡᠷᠭᠡᠶᠢᠯᠡᠨ  ᠠᠷᠢᠯᠭᠠᠬᠤ᠂ ᠲᠠᠷᠢᠶᠠᠨ ᠭᠠᠵᠠᠷ  ᠢ ᠬᠠᠮᠢᠶᠠᠷᠬᠤ᠂ ᠮᠠᠰᠢᠨ ᠢᠶᠠᠷ ᠬᠤᠷᠢᠶᠠᠬᠤ᠂  ᠬᠠᠳᠠᠭᠠᠯᠠᠬᠤ᠂  ᠪᠤᠯᠪᠠᠰᠣᠷᠠᠭᠤᠯᠬᠤ ᠪᠠ ᠪᠤᠷᠤᠯᠠᠭᠤᠯᠬᠤ ᠵᠡᠷᠭᠡ ᠳᠣᠯᠣᠭᠠᠨ ᠲᠠᠯ᠎ᠠ ᠠᠴᠠ ᠲᠠᠷᠢᠶᠠᠨ ᠭᠠᠵᠠᠷ ᠢ ᠨᠠᠶᠢᠳᠠᠨ ᠬᠠᠮᠢᠶᠠᠷᠬᠤ ᠳᠤ ᠨᠡᠶᠢᠭᠡᠮ ᠤᠨ ᠦᠢᠯᠡᠴᠢᠯᠡᠭᠡᠨ ᠤ ᠲᠥᠷᠥᠯ ᠵᠦᠢᠯ ᠢ ᠬᠠᠩᠭᠠᠪᠠ᠃ ᠡᠭᠦᠨ ᠤ ᠬᠠᠮᠲᠤ᠂ ᠦᠢᠯᠡᠳᠪᠦᠷᠢᠯᠡᠯ ᠤᠨ ᠬᠠᠮᠢᠶᠠᠷᠤᠯᠲᠠ ᠶᠢᠨ ᠲᠠᠯ᠎ᠠ ᠪᠠᠷ ᠵᠢᠷᠭᠤᠭᠠᠨ ᠨᠢᠭᠡᠳᠦᠯᠲᠡᠶ ᠪᠠᠶᠢᠬᠤ ᠶᠢ ᠪᠡᠶᠡᠯᠡᠭᠦᠯᠵᠦ᠂ ᠪᠤᠭᠤᠳᠠᠶ ᠶᠢᠨ ᠲᠠᠷᠢᠶᠠᠨ ᠭᠠᠵᠠᠷ ᠨᠢ ᠴᠢᠨᠠᠷ ᠰᠠᠶᠢᠲᠠᠶ ᠥᠨᠳᠥᠷ ᠤᠨᠠᠯᠲᠠ ᠲᠠᠢ ᠪᠠᠶᠢᠬᠤ ᠶᠢ ᠪᠠᠲᠣᠯᠠᠬᠤ ᠶᠢᠨ ᠬᠠᠮᠲᠤ ᠲᠠᠷᠢᠶᠠᠴᠢᠳ ᠲᠤ ᠨᠡᠩ ᠦᠨᠳᠦᠷ ᠠᠰᠢᠭ ᠬᠦᠷᠲᠡᠬᠦ ᠶᠢ ᠪᠡᠶᠡᠯᠡᠬᠦᠯᠦᠭᠰᠡᠨ ᠪᠠᠶᠢᠨ᠎ᠠ᠃ ︽ᠲᠠᠷᠠᠭᠠᠴᠢ ᠶᠢᠨ ᠠᠯᠬᠤᠮ ᠳᠤ ᠪᠠᠨ ᠪᠢᠳᠡ ᠪᠠᠰᠠ ᠳᠠᠬᠢᠨ ᠳᠠᠷᠢᠬᠤ ᠮᠡᠷᠭᠡᠵᠢᠯ ᠢ ᠳᠡᠯᠭᠡᠷᠡᠭᠦᠯᠵᠦ᠂ ᠮᠥ ᠪᠦᠷᠢ ᠶᠢᠨ ᠦᠷ᠎ᠡ ᠠᠰᠢᠭ ᠢ 2000 ᠲᠥᠭᠦᠷᠢᠭ  ᠠᠴᠠ ᠳᠡᠭᠡᠭᠰᠢ ᠪᠣᠯᠭᠠᠬᠤ ᠪᠠᠷ ᠴᠢᠷᠮᠠᠶᠢᠨ᠎ᠠ︾ ᠭᠡᠵᠦ ᠤᠷᠠᠳ ᠤᠨ ᠡᠮᠦᠨᠡᠲᠦ ᠬᠤᠰᠢᠭᠤᠨ ᠤ ᠰᠢᠨ ᠠᠨ ᠪᠠᠯᠭᠠᠰᠤ ᠶᠢᠨ ᠶᠡᠷᠦᠩᠬᠡᠶᠢᠯᠡᠭᠰᠡᠨ ᠪᠠᠲᠤᠯᠠᠭ᠎ᠠ ᠪᠣᠯᠤᠨ ᠮᠡᠷᠭᠡᠵᠢᠯ ᠳᠡᠯᠭᠡᠷᠡᠭᠦᠯᠬᠦ ᠲᠥᠪ ᠤᠨ ᠡᠷᠬᠢᠯᠡᠭᠴᠢ ᠵᠠᠩ ᠭᠤᠸᠠᠩ  ᠰᠤᠷᠪᠤᠯᠵᠢᠯᠠᠭᠴᠢ ᠳᠤ ᠬᠡᠯᠡᠪᠡ᠃ 

小麦2.jpg   

     

      ᠣᠶᠢᠯᠠᠭᠠᠭᠰᠠᠨ ᠢᠶᠠᠷ᠂ ᠣᠳᠣᠬᠠᠨ ᠪᠣᠯᠲᠠᠯ᠎ᠠ᠂ ᠤᠷᠠᠳ  ᠤᠨ ᠡᠮᠦᠨᠡᠲᠦ ᠬᠤᠰᠢᠭᠤᠨ ᠤ ᠰᠢᠨ ᠠᠨ ᠪᠠᠯᠭᠠᠰᠤᠨ ᠤ ᠬᠤᠩ ᠭᠤᠸᠠᠩ ᠲᠣᠰᠬᠤᠨ ᠤ

ᠪᠣᠭᠤᠳᠠᠶ ᠶᠢᠨ ᠵᠢᠱᠢᠶ᠎ᠡ ᠦᠵᠡᠭᠦᠯᠬᠦ ᠣᠷᠣᠨ ᠤ ᠪᠣᠭᠤᠳᠠᠶ ᠳᠠᠷᠢᠬᠤ ᠲᠠᠯᠠᠪᠠᠶ5000 ᠮᠥ  ᠳᠤ  ᠬᠦᠷᠴᠦ᠂ ᠪᠥᠬᠦ ᠪᠠᠯᠭᠠᠰᠤᠨ ᠤ ᠪᠣᠭᠤᠳᠠᠶ  ᠳᠠᠷᠢᠬᠤ ᠪᠠᠷ

ᠲᠥᠯᠥᠪᠯᠡᠭᠰᠡᠨ ᠲᠠᠯᠠᠪᠠᠶ ᠨᠢ ᠨᠢᠭᠡᠨᠲᠠ ᠬᠤᠶᠠᠷ ᠲᠦᠮᠡᠨ ᠮᠥ ᠠᠴᠠ ᠳᠡᠭᠡᠭᠰᠢ ᠳᠤ ᠬᠦᠷᠪᠡ᠃

                                    

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ