ᠣᠯᠢᠶᠠᠰᠣᠲᠠᠢ ᠨᠠᠭᠤᠷ ᠲᠤ ᠨᠠᠢᠮᠠᠯᠵᠢ ᠲᠡᠵᠢᠭᠡᠭᠡᠳ ᠠᠮᠵᠢᠯᠲᠠ ᠣᠯᠣᠯ᠎ᠠ
ᠨᠡᠶᠢᠲᠡᠯᠡᠭᠰᠡᠨ ᠴᠠᠭ᠄
2021/11/23
    ᠣᠶᠢᠷ᠎ᠠ ᠶᠢᠨ ᠡᠳᠦᠷ᠂ ᠰᠣᠷᠪᠣᠯᠵᠢᠯᠠᠭᠴᠢ ᠶᠢ ᠤᠷᠠᠳ ᠤᠨ ᠡᠮᠦᠨᠡᠲᠦ ᠬᠤᠰᠢᠭᠤᠨ ᠤ ᠣᠯᠢᠶᠠᠰᠣᠲᠠᠢ ᠨᠠᠭᠤᠷ ᠤᠨ ᠪᠠᠷᠠᠭᠤᠨ ᠡᠷᠭᠢ ᠶᠢᠨ ᠤᠰᠤᠨ ᠭᠠᠷᠤᠯᠲᠠ ᠶᠢᠨ ᠲᠡᠵᠢᠭᠡᠨ ᠦᠷᠡᠵᠢᠭᠦᠯᠬᠦ ᠰᠠᠭᠤᠷᠢᠨ  ᠭᠠᠵᠠᠷ ᠲᠤ  ᠬᠦᠷᠬᠦ ᠳᠤ᠂ ᠬᠡᠳᠣᠨ ᠨᠠᠢᠮᠠᠯᠵᠢ ᠲᠡᠵᠢᠭᠡᠭᠴᠢ    ᠯᠢᠶᠣᠤᠨᠢᠩ  ᠤᠨ ᠫᠠᠨ ᠶᠢᠨ  ᠠᠴᠠ ᠠᠪᠴᠢᠷᠠᠭᠰᠠᠨ ᠨᠢᠯᠬ᠎ᠠ  ᠨᠠᠢᠮᠠᠯᠵᠢ ᠶᠢ ᠨᠠᠭᠤᠷ ᠲᠤ ᠲᠠᠯᠪᠢᠨ ᠣᠷᠣᠭᠤᠯᠵᠣ ᠦᠰᠭᠡᠭᠦ ᠪᠠᠷ ᠶᠠᠭᠠᠷᠠᠯᠳᠣᠵᠣ ᠪᠠᠶᠢᠬᠤ ᠶᠢ ᠤᠯᠵᠤ ᠬᠠᠷᠠᠯ᠎ᠠ᠃    ᠣᠯᠢᠶᠠᠰᠣᠲᠠᠢ ᠨᠠᠭᠤᠷ  ᠤᠨ ᠳᠠᠪᠠᠭᠤᠯᠢᠭ ᠡᠬᠢ ᠪᠠᠶᠠᠯᠢᠭ ᠲᠤ ᠲᠦᠰᠢᠭᠯᠡᠨ᠂ ᠵᠢᠭᠠᠰᠤ᠂ ᠰᠠᠮ ᠬᠤᠷᠣᠬᠠᠢ᠂ ᠨᠠᠢᠮᠠᠯᠵᠢ ᠵᠡᠷᠭᠡ ᠤᠰᠤᠨ ᠭᠠᠷᠤᠯᠲᠠ ᠶᠢ ᠲᠡᠵᠢᠭᠡᠨ‌ᠦᠷᠡᠵᠢᠭᠦᠯᠬᠦ  ᠨᠢ ᠠᠳᠡᠬᠢ ᠲᠠᠷᠢᠶᠠᠴᠢᠳ ᠤᠨ ᠴᠢᠬᠤᠯᠠ ᠠᠵᠤ ᠦᠢᠯᠡᠰ ᠤᠨ ᠨᠢᠭᠡ ᠪᠣᠯᠤᠭᠰᠠᠨ ᠪᠠᠶᠢᠨ᠎ᠠ᠃ ᠲᠡᠳᠡ ᠠᠮᠢ ᠠᠬᠤᠶ ᠶᠢᠨ ᠲᠡᠵᠢᠭᠡᠨ ᠦᠷᠡᠵᠢᠭᠦᠯᠬᠦ ᠰᠢᠨ᠎ᠡ ᠰᠡᠳᠬᠢᠮᠵᠢ᠂ ᠰᠢᠨ᠎ᠡ  ᠵᠠᠭᠪᠤᠷ  ᠢ ᠲᠠᠰᠤᠷᠠᠯᠲᠠ ᠥᠬᠡᠶ ᠬᠠᠶᠢᠨ ᠰᠦᠪᠡᠭᠴᠢᠯᠡᠵᠦ᠂ ᠨᠠᠭᠤᠷ ᠴᠥᠭᠦᠷᠥᠮ  ᠳᠤ ᠭᠤᠣᠯ  ᠤᠨ ᠲᠣᠩ᠂ ᠰᠠᠮ ᠬᠤᠷᠣᠬᠠᠶ᠂ ᠨᠠᠢᠮᠠᠯᠵᠢ  ᠶᠢ ᠲᠡᠵᠢᠭᠡᠬᠦ᠂ ᠲᠤᠲᠤᠷᠭ᠎ᠠ ᠪᠠ ᠨᠠᠢᠮᠠᠯᠵᠢ ᠶᠢ ᠬᠠᠮᠲᠤ ᠪᠠᠷ ᠦᠰᠭᠡᠭᠦ᠂ ᠤᠰᠤᠨ ᠡᠪᠡᠰᠦ ᠳᠠᠷᠢᠬᠤ ᠵᠡᠷᠭᠡ ᠣᠯᠠᠨ ᠰᠢᠨ᠎ᠡ ᠬᠡᠯᠪᠡᠷᠢ ᠶᠢᠨ ᠲᠡᠵᠢᠭᠡᠨ ᠦᠷᠡᠵᠢᠭᠦᠯᠬᠦ  ᠵᠠᠭᠪᠤᠷ  ᠢ ᠬᠡᠷᠡᠭᠯᠡᠭᠰᠡᠨ ᠠᠴᠠ᠂ ᠤᠰᠤᠨ ᠤ ᠴᠢᠨᠠᠷ  ᠢ ᠴᠡᠪᠡᠷᠰᠢᠭᠦᠯᠵᠦ ᠴᠢᠳᠠᠭᠰᠠᠨ ᠢᠶᠠᠷ ᠪᠠᠷᠠᠬᠤ ᠥᠬᠡᠶ ᠪᠠᠰᠠ ᠭᠤᠤᠯ  ᠤᠨ ᠨᠠᠢᠮᠠᠯᠵᠢ᠂ ᠭᠤᠤᠯ  ᠤᠨ ᠰᠠᠮ ᠬᠤᠷᠣᠬᠠᠶ ᠳᠤ ᠰᠢᠨ᠎ᠡ ᠰᠣᠷᠭᠤᠭ ᠲᠡᠵᠢᠭᠡᠯ  ᠪᠣᠷᠳᠤᠭ᠎ᠠ ᠬᠠᠩᠭᠠᠨ ᠦᠭᠴᠦ᠂ ︽ᠨᠠᠢᠮᠠᠯᠵᠢ  ᠶᠢ ᠶᠡᠭᠡ  ᠪᠠᠷ ᠲᠡᠵᠢᠭᠡᠵᠦ︾ ᠪᠠᠶᠢᠭᠰᠠᠨ ᠠᠴᠠ ᠪᠠᠨ ︽ᠲᠣᠮᠣ ᠨᠠᠢᠮᠠᠯᠵᠢ ᠲᠡᠵᠢᠭᠡᠬᠦ︾ ᠬᠤᠪᠢᠷᠠᠯᠲᠠ ᠶᠢ ᠠᠮᠵᠢᠯᠲᠠ ᠲᠠᠢ ᠪᠡᠶᠡᠯᠡᠭᠦᠯᠦᠭᠰᠡᠨ ᠪᠠᠶᠢᠨ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ