ᠤᠷᠠᠳ ᠤᠨ ᠡᠮᠦᠨᠡᠳᠦ ᠬᠤᠰᠢᠭᠤ ᠬᠤᠯᠤᠰᠤᠨ ᠵᠢᠷᠤᠭ ᠤᠨ ᠠᠵᠤ ᠦᠢᠯᠡᠰ ᠢ ᠪᠤᠵᠠᠭᠠᠶᠢᠷᠠᠭᠤᠯᠤᠨ ᠬᠦᠭᠵᠢᠬᠦᠯᠵᠦ ᠪᠠᠶᠢᠨ᠎ᠠ
ᠨᠡᠶᠢᠲᠡᠯᠡᠭᠰᠡᠨ ᠴᠠᠭ᠄
2020/6/29
      ᠤᠯᠢᠶᠠᠰᠤ ᠨᠠᠭᠤᠷ ᠪᠤᠯ ᠮᠠᠨ ᠤ ᠣᠯᠣᠰ ᠤᠨ ᠨᠠᠢᠮᠠᠨ ᠶᠡᠭᠡ ᠴᠡᠩᠭᠡᠭ ᠨᠠᠭᠤᠷ ᠤᠨ ᠨᠢᠬᠡ ᠪᠠᠶᠢᠵᠤ᠂ ᠮᠦᠨᠴᠦ ᠦᠪᠦᠷ ᠮᠤᠩᠭᠤᠯ ᠤᠨ ᠬᠤᠯᠤᠰᠤ ᠦᠢᠯᠡᠳᠪᠦᠷᠢᠯᠡᠬᠦ ᠴᠢᠬᠤᠯᠠ  ᠰᠠᠭᠤᠷᠢᠨ ᠭᠠᠵᠠᠷ ᠤᠨ ᠨᠢᠬᠡ ᠨᠢ ᠶᠤᠮ᠃ ᠠᠳᠡ ᠵᠢᠯ  ᠪᠦᠷᠢ ᠪᠠᠷᠤᠭ18 ᠲᠦᠮᠡᠨ ᠲᠤᠨ ᠬᠤᠯᠤᠰᠤ ᠦᠢᠯᠡᠳᠪᠦᠷᠢᠯᠡᠳᠡᠭ᠃ ᠠᠳᠡᠬᠢ ᠬᠤᠯᠤᠰᠤ ᠨᠢ ᠴᠢᠨᠠᠷ ᠰᠠᠶᠢᠳᠠᠢ᠂ ᠬᠠᠳᠠᠭᠠᠯᠠᠬᠤ ᠳᠤ ᠲᠦᠬᠦᠮ᠂ ᠠᠮᠠᠷᠬᠠᠨ ᠢᠯᠵᠢᠷᠡᠬᠦ ᠦᠬᠡᠢ ᠵᠡᠷᠭᠡ ᠤᠨᠴᠠᠯᠢᠭ ᠲᠠᠢ ᠪᠠᠶᠢᠳᠠᠭ ᠠᠴᠠ ᠬᠦᠮᠦᠰ ᠬᠤᠯᠤᠰᠤ ᠪᠠᠷ ᠶᠠᠩᠵᠤ ᠪᠦᠷᠢ ᠶᠢᠨ ᠬᠤᠯᠤᠰᠤᠨ ᠵᠢᠷᠤᠭ ᠪᠦᠳᠦᠬᠡᠵᠦ ᠬᠢᠳᠡᠭ ᠪᠦᠬᠡᠳ ᠠᠭᠠᠵᠢᠮ ᠢᠶᠠᠷ ᠨᠢᠬᠡ ᠵᠦᠢᠯ ᠤᠨ ᠰᠤᠶᠣᠯ ᠤᠷᠠᠯᠠᠯ ᠤᠨ ᠬᠡᠪ ᠨᠠᠮᠪᠠ  ᠪᠤᠯᠵᠤ ᠪᠦᠷᠢᠯᠳᠦᠵᠡᠢ       ᠬᠦᠩ ᠯᠢᠩ ᠪᠤᠯ ᠦᠪᠦᠷ ᠮᠤᠩᠭᠤᠯ ᠤᠨ ᠯᠢᠶᠠᠨ ᠶᠦᠨ ᠬᠤᠯᠤᠰᠤᠨ ᠵᠢᠷᠤᠭ ᠤᠨ ᠤᠷᠠᠯᠠᠯ ᠤᠨ ᠠᠵᠢᠯᠳᠠᠨ ᠶᠤᠮ᠂ ᠲᠠᠷᠠ ᠤᠤᠯ ᠠᠴᠠ ᠬᠤᠯᠤᠰᠤ ᠪᠠᠷ ᠵᠢᠷᠤᠭ ᠪᠦᠳᠦᠬᠡᠨ᠎ᠡ ᠬᠡᠳᠡᠭ ᠢ ᠢᠳᠡᠬᠡᠭᠦ ᠦᠬᠡᠢ ᠪᠠᠶᠢᠭᠰᠠᠨ ᠢᠶᠠᠨ ᠤᠳᠤ ᠪᠤᠯᠬᠤ ᠳᠤ ᠬᠤᠳᠠ ᠶᠢᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠯᠠᠮᠵᠢᠯᠠᠭᠴᠢ ᠪᠤᠯᠵᠠᠢ᠃ ᠬᠤᠯᠤᠰᠤᠨ ᠵᠢᠷᠤᠭ ᠤᠨ ᠪᠦᠳᠦᠬᠡᠯ ᠨᠢ ᠪᠤᠷᠤᠭᠵᠢᠭᠤᠨ ᠮᠦᠷᠳᠡᠬᠡᠨ ᠠᠮᠢᠳᠤᠯᠢᠭ᠂ ᠭᠠᠵᠠᠷ ᠤᠷᠤᠨ ᠤ ᠤᠨᠴᠠᠯᠢᠭ ᠲᠤᠪᠤᠶᠢᠮ᠎ᠠ ᠮᠦᠷᠳᠡᠭᠡᠨ ᠲᠡᠯᠡᠬᠡᠢ ᠶᠢᠨ ᠣᠷᠴᠢᠨ ᠲᠤᠭᠤᠷᠢᠨ ᠤ ᠬᠠᠮᠠᠭᠠᠯᠠᠯᠳᠠ ᠶᠢᠨ ᠪᠠᠶᠢᠭᠠᠯᠢ ᠶᠢᠨ ᠤᠶᠢᠯᠠᠭᠠᠭᠳᠠᠬᠤᠨ ᠲᠠᠢ ᠨᠡᠶᠢᠴᠡᠳᠡᠭ ᠲᠤᠯᠠ 2016 ᠣᠨ ᠳᠤ ᠤᠷᠤᠨ ᠤ ᠲᠠᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠯᠦᠬᠡᠯᠡᠬᠦ ᠴᠢᠨᠠᠷᠳᠠᠢ ᠬᠠᠮᠠᠭᠠᠯᠠᠯᠳᠠ ᠶᠢᠨ ᠲᠦᠷᠦᠯ ᠵᠦᠢᠯ   ᠤᠨ ᠨᠡᠷᠠᠰ ᠤᠨ ᠵᠢᠭᠰᠠᠭᠠᠯᠳᠠ ᠳᠤ ᠤᠷᠤᠵᠠᠢ᠃       ᠯᠢᠶᠠᠨ ᠶᠦᠩ ᠴᠢᠶᠠᠩ ᠪᠤᠯ ᠦᠪᠦᠷ ᠮᠤᠩᠭᠤᠯ ᠤᠨ ᠬᠤᠯᠤᠰᠤᠨ ᠵᠢᠷᠤᠭ ᠤᠨ ᠤᠷᠠᠯᠠᠯ ᠢ ᠬᠦᠭᠵᠢᠬᠦᠯᠬᠦ ᠬᠢᠵᠠᠭᠠᠷᠳᠤ ᠺᠤᠮᠫᠠᠨᠢ ᠶᠢᠨ ᠬᠠᠷᠢᠭᠤᠴᠠᠯᠭᠠᠳᠠᠨ ᠪᠤᠯᠤᠨ᠎ᠠ  ᠂ ᠮᠦᠨᠴᠦ ᠦᠪᠡᠷᠳᠡᠭᠡᠨ ᠵᠠᠰᠠᠬᠤ ᠤᠷᠤᠨ ᠤ ᠲᠠᠰ ᠤᠨ ᠪᠤᠳᠠᠰ ᠤᠨ ᠪᠤᠰᠤ ᠰᠤᠶᠤᠯ ᠤᠨ ᠦᠪ ᠤᠯᠠᠮᠵᠢᠯᠠᠭᠴᠢ ᠪᠤᠯᠤᠨ᠎ᠠ᠃ ᠲᠡᠷᠡ ᠲᠤᠯᠤᠭᠠᠨ ᠵᠢᠯ ᠭᠠᠷᠤᠢ ᠶᠢᠨ ᠰᠣᠷᠣᠯᠴᠠᠯᠭ᠎ᠠ ᠤᠷᠤᠯᠳᠤᠯᠭ᠎ᠠ ᠪᠠᠷ ᠲᠠᠮᠵᠢᠨ᠂ ᠨᠤᠤᠰᠤ ᠪᠤᠯᠤᠨ ᠬᠤᠯᠤᠰᠤ ᠶᠢ ᠤᠶᠠᠯᠳᠤᠭᠤᠯᠤᠭᠰᠠᠨ ᠬᠤᠯᠤᠰᠤᠨ ᠵᠢᠷᠤᠭ ᠤᠨ ᠪᠦᠳᠦᠬᠡᠯ ᠤᠳ ᠢ  ᠡᠭᠦᠳᠴᠡᠢ᠃ ᠡᠳᠡᠬᠡᠷ ᠪᠦᠳᠦᠬᠡᠯ   ᠨᠢ ᠤᠯᠠᠮ ᠲᠦᠷᠰᠦᠯᠢᠭ ᠭᠤᠶᠤ ᠰᠠᠶᠢᠬᠠᠨ ᠪᠠᠶᠢᠵᠤ᠂ ᠬᠠᠳᠠᠭᠠᠯᠠᠯᠳᠠ ᠶᠢᠨ ᠦᠨ᠎ᠡ ᠦᠷᠳᠡᠭ ᠢᠶᠠᠷ ᠮᠠᠰᠢ ᠦᠨᠳᠦᠷ ᠪᠠᠶᠢᠳᠠᠭ᠃      ᠤᠳᠤᠬᠠᠨ ᠳᠤ ᠤᠷᠠᠳ ᠤᠨ ᠡᠮᠦᠨᠡᠳᠦ ᠬᠤᠰᠢᠭᠤ ᠨᠢᠬᠡᠨᠳᠡ ︿︿ᠪᠤᠷᠤᠳᠤᠬᠤᠢ ᠶᠢᠨ ᠬᠡᠷᠡᠯᠳᠦ ᠰᠤᠪᠤᠳ﹀﹀᠂  ︿︿ᠯᠢᠶᠠᠨ ᠶᠦᠨ﹀﹀ ᠵᠡᠷᠬᠡ ᠬᠤᠶᠠᠷ ᠲᠠᠸᠠᠷ  ᠤᠨ ᠨᠡᠷᠡᠳᠦ ᠲᠡᠮᠳᠡᠭ ᠢ ᠲᠠᠩᠰᠠᠯᠠᠭᠤᠯᠵᠤ᠂ ᠦᠪᠦᠷ ᠮᠤᠩᠭᠤᠯ ᠤᠨ ᠴᠤᠷ ᠤᠨ ᠭᠠᠭᠴᠠ ᠲᠤᠰᠬᠠᠢ ᠮᠡᠷᠬᠡᠵᠢᠯ ᠤᠨ ᠬᠤᠯᠤᠰᠤᠨ ᠵᠢᠷᠤᠭ ᠢ ᠰᠤᠳᠤᠯᠤᠨ ᠨᠡᠭᠡᠭᠡᠬᠦ᠂ ᠦᠢᠯᠡᠳᠪᠦᠷᠢᠯᠡᠬᠦ᠂ ᠪᠤᠷᠤᠯᠠᠭᠤᠯᠬᠤ ᠰᠠᠭᠤᠷᠢᠨ ᠭᠠᠵᠠᠷ ᠪᠤᠯᠤᠭᠰᠠᠨ ᠪᠠᠶᠢᠨ᠎ᠠ᠃  ︿︿ᠰᠠᠨ ᠶᠠᠩ ᠺᠠᠢ ᠲᠠᠢ﹀﹀᠂ ︿︿ᠲᠤᠤᠷᠠᠢ ᠮᠤᠳᠤᠨ ᠤ ᠵᠢᠷᠤᠭ﹀﹀ ᠵᠡᠷᠭᠡ ᠤᠯᠠᠨ ᠪᠦᠳᠦᠬᠡᠯ ᠨᠢ ᠤᠷᠢᠳ ᠬᠤᠵᠢᠳ ᠦᠪᠡᠷᠳᠡᠭᠡᠨ ᠵᠠᠰᠠᠬᠤ ᠤᠷᠤᠨ᠂ ᠬᠤᠳᠠ᠂ ᠬᠤᠰᠢᠭᠤᠨ ᠤ ᠤᠷᠤᠯᠳᠤᠭᠠᠨ ᠤ ᠱᠠᠩᠨᠠᠯ ᠢ ᠭᠠᠷᠳᠠᠪᠠ᠃ 2019 ᠤᠨ ᠤ 10 ᠰᠠᠷ᠎ᠠ ᠳᠤ ᠯᠢᠶᠠᠨ ᠶᠦᠨ ᠬᠤᠯᠤᠰᠤᠨ ᠵᠢᠷᠤᠭ ᠨᠢ ᠦᠪᠡᠷᠳᠡᠭᠡᠨ ᠵᠠᠰᠠᠬᠤ ᠤᠷᠤᠨ ᠤ ᠪᠤᠳᠠᠰ ᠤᠨ ᠪᠤᠰᠤ ᠰᠤᠶᠤᠯ ᠤᠨ ᠦᠪ ᠤᠨ ᠲᠦᠪ ᠳᠤ ︿︿ᠦᠪᠡᠷᠳᠡᠭᠡᠨ ᠵᠠᠰᠠᠬᠤ ᠤᠷᠤᠨ ᠤ ᠤᠯᠠᠮᠵᠢᠯᠠᠯᠳᠤ ᠭᠠᠷ ᠤᠷᠠᠯᠠᠯ ᠤᠨ ᠠᠷᠪᠠᠨ ᠶᠡᠭᠡ ᠬᠦᠭᠵᠢᠭᠦᠯᠦᠨ ᠮᠠᠨᠳᠤᠭᠤᠯᠬᠤ ᠲᠦᠷᠦᠯ ᠵᠦᠢᠯ﹀﹀ ᠤᠨ ᠨᠢᠬᠡ ᠪᠠᠷ ᠦᠨᠡᠯᠡᠭᠳᠡᠨ᠂ ᠬᠤᠯᠤᠰᠤᠨ ᠵᠢᠷᠤᠭ ᠤᠨ ᠵᠠᠬ᠎ᠠ ᠲᠡᠯᠬᠡᠬᠦᠷ ᠲᠤ ᠤᠷᠤᠬᠤ ᠰᠠᠭᠤᠷᠢ ᠶᠢ ᠲᠠᠯᠪᠢᠵᠦ ᠦᠭᠭᠦᠭᠰᠡᠨ ᠪᠠᠶᠢᠨ᠎ᠠ᠃
ᠢᠷᠡᠯᠲᠡ᠄ ᠪᠠᠶᠠᠨ ᠨᠠᠭᠤᠷ ᠤᠨ ᠰᠣᠨᠢᠨ