ᠮᠣᠨᠠ ᠠᠭᠤᠯᠠ ᠶᠢᠨ ᠮᠡᠳᠡᠭᠡ ᠮᠠᠯᠵᠢᠬᠤ ᠲᠠᠷᠢᠶᠠᠯᠠᠬᠤ ᠣᠷᠤᠨ ᠤ ᠪᠠᠭᠰᠢ ᠶᠢᠨ ᠣᠷᠤᠨ ᠰᠠᠭᠤᠴᠠ ᠶᠢᠨ ᠠᠰᠠᠭᠤᠳᠠᠯ ᠢ ᠦᠨᠡᠨ ᠬᠦ ᠰᠢᠢᠳᠪᠦᠷᠢᠯᠡᠬᠦ ᠶᠢᠨ | ᠲᠦᠯᠦᠭᠡ᠂ ᠤᠷᠠᠳ ᠤᠨ ᠡᠮᠦᠨᠡᠲᠦ ᠬᠤᠰᠢᠭᠤ 3100 ᠲᠦᠮᠡᠨ ᠲᠦᠭᠦᠷᠢᠭ ᠤᠨ ᠪᠡᠯᠡ ᠣᠷᠤᠭᠤᠯᠵᠤ᠂ ᠮᠠᠯᠵᠢᠬᠤ ᠲᠠᠷᠢᠶᠠᠯᠠᠬᠤ ᠣᠷᠤᠨ ᠤ 9 ᠰᠤᠷᠭᠠᠭᠤᠯᠢ ᠳᠤ | ᠪᠠᠭᠰᠢ ᠶᠢᠨ ᠲᠦᠷ ᠰᠠᠭᠤᠬᠤ ᠪᠠᠶᠢᠷᠢ ᠶᠢᠨ ᠭᠡᠷ ᠪᠠᠷᠢᠵᠤ ᠦᠭᠭᠦᠨ᠂ ᠪᠠᠭᠰᠢ ᠨᠠᠷ ᠤᠨ ᠪᠦᠬᠦ ᠰᠡᠳᠭᠢᠯ ᠢᠶᠠᠷ ᠠᠵᠢᠯᠯᠠᠬᠤ ᠳᠤ ᠳᠦᠭᠦᠮ ᠦᠵᠡᠭᠦᠯᠦᠭᠰᠡᠨ ᠪᠠᠶᠢᠨ᠎ᠠ᠃ | ᠰᠤᠷᠪᠤᠯᠵᠢᠯᠠᠭᠴᠢ ᠲᠣᠰ ᠬᠤᠰᠢᠭᠤᠨ ᠤ ᠶᠡᠭᠡ ᠰᠢᠭᠡᠲᠡᠢ ᠪᠠᠯᠭᠠᠰᠤ ᠶᠢᠨ ᠰᠤᠷᠭᠠᠭᠤᠯᠢ ᠶᠢᠨ ᠪᠠᠭᠰᠢ ᠶᠢᠨ ᠪᠠᠶᠢᠷᠢ ᠳᠤ ᠬᠦᠷᠬᠦ ᠳᠤ ᠰᠢᠨ᠎ᠡ ᠪᠠᠷ | ᠴᠣᠬᠤᠶᠢᠳᠠᠭᠰᠠᠨ ᠬᠡᠷᠡᠮ ᠪᠠ ᠭᠢᠯᠦᠭᠡᠷ ᠱᠠᠯᠠ ᠵᠡᠷᠭᠡ ᠨᠢ 20 ᠲᠡᠭᠰᠢ ᠳᠦᠷᠪᠡᠯᠵᠢᠨ ᠮᠧᠲᠷ ᠪᠦᠬᠦᠢ ᠪᠠᠶᠢᠷᠢ ᠶᠢᠨ ᠭᠡᠷ ᠢ ᠴᠡᠪᠡᠷ ᠲᠣᠬᠢᠯᠢᠭ ᠬᠠᠯᠠᠭᠤᠨ ᠳᠤᠯᠠᠭᠠᠨ | ᠰᠠᠨᠠᠭᠳᠠᠭᠤᠯᠤᠨ᠎ᠠ᠃ ᠭᠤᠤ ᠶᠤᠸᠠᠨ ᠶᠤᠸᠠᠨ ᠪᠣᠯ ᠨᠢᠳᠤᠨᠤᠨ ᠲᠤᠰ ᠰᠤᠷᠭᠠᠭᠤᠯᠢ ᠳᠤ ᠠᠵᠢᠯ ᠤᠨ ᠪᠠᠶᠢᠷᠢ ᠠᠪᠤᠭᠰᠠᠨ ᠪᠠᠭᠰᠢ ᠶᠢᠨ ᠨᠢᠭᠡ ᠨᠢ ᠶᠤᠮ᠃ ᠲᠡᠭᠦᠨ ᠢ | ᠢᠷᠡᠭᠰᠡᠨ ᠤ ᠳᠠᠷᠠᠭ᠎ᠠ ᠰᠤᠷᠭᠠᠭᠤᠯᠢ ᠠᠴᠠ ᠨᠢᠭᠡ ᠪᠠᠶᠢᠷᠢ ᠶᠢᠨ ᠭᠡᠷ ᠲᠣᠬᠢᠷᠠᠭᠤᠯᠤᠨ ᠦᠭᠴᠦ ᠠᠵᠢᠯᠯᠠᠵᠤ ᠠᠮᠢᠳᠤᠷᠠᠬᠤ ᠳᠤ ᠨᠢ ᠪᠠᠲᠤᠯᠠᠭ᠎ᠠ ᠬᠠᠩᠭᠠᠭᠰᠠᠨ ᠪᠠᠶᠢᠨ᠎ᠠ᠃ | ᠣᠶᠢᠯᠠᠭᠠᠭᠰᠠᠨ ᠢᠶᠠᠷ᠂ ᠡᠮᠦᠨᠡᠲᠦ ᠬᠤᠰᠢᠭᠤᠨ ᠤ ᠮᠠᠯᠵᠢᠬᠤ ᠲᠠᠷᠢᠶᠠᠯᠠᠬᠤ ᠣᠷᠤᠨ ᠳᠤ ᠠᠵᠢᠯᠯᠠᠵᠤ ᠪᠠᠶᠢᠭ᠎ᠠ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ | ᠨᠠᠷ ᠤᠨ ᠭᠡᠷ ᠨᠢ ᠣᠯᠠᠩᠬᠢ ᠨᠢ ᠮᠤᠨᠠ ᠠᠭᠤᠯᠠ ᠪᠠᠯᠭᠠᠰᠤᠨ ᠳᠤ ᠪᠠᠶᠢᠵᠤ᠂ ᠮᠠᠯᠵᠢᠬᠤ ᠲᠠᠷᠢᠶᠠᠯᠠᠬᠤ ᠣᠷᠤᠨ ᠤ ᠰᠤᠷᠭᠠᠭᠤᠯᠢ ᠳᠤ ᠬᠦᠷᠴᠦ ᠠᠵᠢᠯᠯᠠᠬᠤ ᠳᠤ | ᠪᠠᠶᠢᠷᠢ ᠶᠢᠨ ᠭᠡᠷ ᠪᠠᠶᠢᠬᠤ ᠦᠭᠡᠢ᠂ ᠠᠶᠤᠯᠲᠦ ᠭᠡᠷ ᠲᠤ ᠰᠠᠭᠤᠬᠤ ᠪᠤᠶᠤ ᠭᠡᠷ ᠳᠦᠷᠢᠶᠡᠰᠦᠯᠡᠵᠦ ᠰᠠᠭᠤᠬᠤ ᠦᠵᠡᠭᠳᠡᠯ ᠮᠠᠰᠢ ᠲᠦᠭᠡᠮᠡᠯ ᠣᠷᠤᠰᠢᠵᠤ ᠪᠠᠶᠢᠳᠠᠭ᠃ | ᠡᠳᠡᠭᠡᠷ ᠠᠰᠠᠭᠤᠳᠠᠯ ᠢ ᠰᠢᠢᠳᠪᠦᠷᠢᠯᠡᠬᠦ ᠶᠢᠨ ᠲᠦᠯᠦᠭᠡ᠂ ᠡᠮᠦᠨᠡᠲᠦ ᠬᠤᠰᠢᠭᠤ ᠰᠢ ᠰᠢᠶᠤᠤ ᠵᠤᠤ ᠪᠠᠯᠭᠠᠰᠤ᠂ ᠪᠠᠶᠠᠨᠬᠤᠸᠠ᠂ ᠶᠡᠭᠡ ᠰᠢᠭᠡᠲᠡᠢ᠂ ᠮᠢᠩᠭᠠᠨ ᠵᠡᠷᠭᠡ 9 | ᠮᠠᠯᠵᠢᠬᠤ ᠲᠠᠷᠢᠶᠠᠯᠠᠬᠤ ᠰᠤᠮᠤ ᠪᠠᠯᠭᠠᠰᠤᠨ ᠳᠤ ᠪᠠᠭᠰᠢ ᠶᠢᠨ ᠪᠠᠶᠢᠷᠢ ᠶᠢᠨ ᠭᠡᠷ ᠢ ᠨᠡᠶᠢᠲᠡ 293 ᠢᠵᠢ ᠪᠠᠶᠢᠭᠤᠯᠵᠤ᠂ ᠪᠠᠶᠢᠷᠢ ᠶᠢᠨ ᠭᠡᠷ ᠲᠤ ᠨᠢ ᠲᠤᠰᠬᠠᠢ ᠠᠷᠢᠭᠤᠨ | ᠴᠡᠪᠡᠷ ᠤᠨ ᠲᠠᠰᠤᠯᠭ᠎ᠠ᠂ ᠠᠯᠪᠠᠯᠠᠬᠤ ᠰᠢᠷᠡᠭᠡ᠂ ᠬᠤᠪᠴᠠᠰᠤᠨ ᠬᠤᠷᠭᠤ ᠪᠠ ᠴᠠᠬᠢᠯᠭᠠᠨ ᠬᠡᠷᠡᠭᠰᠡᠯ ᠲᠣᠬᠢᠷᠠᠭᠤᠯᠵᠠᠢ᠃ ᠪᠠᠶᠢᠷᠢ ᠶᠢᠨ ᠭᠡᠷ ᠤᠨ ᠪᠦᠲᠦᠭᠡᠨ | ᠪᠠᠶᠢᠭᠤᠯᠤᠯᠲᠠ ᠨᠢ ᠮᠠᠯᠵᠢᠬᠤ ᠲᠠᠷᠢᠶᠠᠯᠠᠬᠤ ᠣᠷᠤᠨ ᠤ ᠪᠠᠭᠰᠢ ᠶᠢᠨ ᠠᠵᠢᠯᠯᠠᠵᠤ ᠠᠮᠢᠳᠤᠷᠠᠬᠤ ᠳᠤ ᠳᠦᠭᠦᠮ ᠨᠦᠬᠦᠴᠡᠯ ᠬᠠᠩᠭᠠᠪᠠ᠃ |