ᠬᠡᠲᠦ ᠤᠳᠠᠭᠠᠨ ᠤ ᠴᠠᠰᠤ ᠥᠩᠭᠡᠷᠡᠭᠡᠭᠰᠡᠨ ᠤ ᠳᠠᠷᠠᠭ᠎ᠠ᠂ ᠤᠷᠠᠳ ᠤᠨ ᠡᠮᠦᠨᠡᠲᠦ ᠬᠤᠰᠢᠭᠤᠨ ᠤ ᠶᠡᠭᠡ ᠰᠢᠭᠡᠲᠡᠢ ᠶᠢᠨ ᠬᠢᠯᠢ ᠳᠣᠲᠣᠷ᠎ᠠ ᠨᠢᠭᠡᠨᠲᠡ ᠮᠢᠩᠭᠠᠨ | ᠭᠠᠵᠠᠷ ᠤᠨ ᠮᠥᠰᠥ ᠪᠦᠷᠬᠦᠵᠠᠢ᠃ 1 ᠰᠠᠷ᠎ᠠ ᠶᠢᠨ 13 ᠤ ᠡᠳᠦᠷ ᠤᠨ ᠦᠳᠡ ᠶᠢᠨ ᠬᠤᠶᠢᠨ᠎ᠠ᠂ ᠰᠤᠷᠪᠤᠯᠵᠢᠯᠠᠭᠴᠢ ᠮᠠᠰᠢᠨ ᠲᠡᠷᠭᠡ ᠪᠠᠷ ᠶᠡᠭᠡ ᠰᠢᠭᠡᠲᠡᠢ ᠪᠠᠯᠭᠠᠰᠤ | ᠠᠴᠠ ᠵᠡᠭᠦᠨ ᠬᠤᠶᠢᠲᠤ ᠵᠦᠭ ᠠᠶᠠᠯᠠᠵᠤ᠂ ᠨᠢᠭᠡ ᠵᠠᠮ ᠲᠩᠷᠢ ᠬᠦᠢᠲᠡᠷᠡᠵᠦ᠂ ᠬᠡᠷ ᠤᠨ ᠭᠠᠳᠠᠨᠠᠬᠢ ᠠᠭᠠᠷ ᠤᠨ ᠳᠤᠯᠠᠭᠠᠨ ᠲᠡᠭ ᠠᠴᠠ ᠳᠣᠷᠣᠭᠰᠢ ᠠᠷᠪᠠᠨ ᠲᠠᠪᠤ | ᠵᠢᠷᠭᠤᠭᠠᠨ ᠭᠷᠠᠳᠦ᠋ᠰ ᠲᠤ ᠬᠦᠷᠴᠦ᠂ ᠨᠡᠯᠦᠭᠡᠷ ᠴᠠᠭᠠᠨ ᠴᠠᠰᠤ ᠬᠡᠭᠡᠷ᠎ᠡ ᠲᠠᠯ᠎ᠠ᠂ ᠠᠭᠤᠯᠠᠨ ᠣᠷᠣᠶ ᠶᠢ ᠪᠦᠷᠬᠦᠵᠦ ᠂ ᠣᠷᠴᠢᠨ ᠲᠣᠭᠤᠷᠢᠨ ᠳᠤ ᠨᠡᠭᠦᠳᠡᠯ ᠤᠨ ᠰᠢᠪᠠᠭᠤ | ᠦᠯᠡᠳᠡᠨ᠎ᠡ ᠭᠡᠵᠦ ᠪᠤᠳᠤᠬᠤᠶ᠎ᠠ ᠪᠡᠷᠬᠡ ᠶᠤᠮ᠃ | ᠰᠢᠨᠠᠭᠠᠨ ᠲᠣᠰᠬᠤᠨ ᠤ ᠷᠠᠰᠢᠶᠠᠨ ᠳᠤᠭᠤᠶᠢᠯᠠᠩ ᠤᠨ ᠬᠢᠯᠢ ᠳᠤ ᠣᠷᠣᠪᠠᠯ᠂ ᠤᠯᠠᠭᠠᠨ ᠬᠦᠷᠡᠩ ᠥᠩᠭᠡᠲᠡᠶ ᠰᠢᠪᠠᠭᠤᠨ ᠤ ᠰᠦᠷᠦᠭ ᠵᠢᠭᠦᠷ ᠢᠶᠠᠨ ᠳᠡᠪᠳᠡᠷᠢᠨ | ᠴᠠᠰᠤᠨ ᠳᠡᠭᠡᠷ᠎ᠡ ᠨᠢᠰᠴᠦ ᠪᠠᠭᠤᠬᠤ ᠶᠢ ᠣᠯᠵᠤ ᠬᠠᠷᠠᠨ᠎ᠠ᠂ ᠡᠨᠡ ᠪᠣᠯ ᠳᠠᠷᠤᠶ ᠷᠠᠰᠢᠶᠠᠨ ᠳᠤ ᠦᠯᠡᠳᠡᠵᠦ ᠡᠪᠦᠯᠵᠢᠳᠡᠭ ᠤᠯᠤᠰ ᠤᠨ ᠬᠤᠶᠠᠳᠤᠭᠠᠷ ᠳᠡᠰ ᠤᠨ | ᠬᠠᠮᠠᠭᠠᠯᠠᠯᠲᠠ ᠶᠢᠨ ᠠᠮᠢᠲᠠᠨ ᠬᠠᠯᠢᠭᠤᠨ ᠭᠠᠯᠠᠭᠤ ︵ᠶᠡᠷᠦ ᠳᠡᠭᠡᠨ ᠠᠩᠭᠢᠷ ᠭᠡᠳᠡᠭ︶ ᠪᠣᠯᠤᠨ᠎ᠠ᠃ | ᠮᠠᠨ ᠤ ᠲᠡᠷᠭᠡ ᠴᠠᠰᠤᠲᠠᠢ ᠠᠭᠤᠯᠠᠨ ᠤ ᠬᠤᠷᠮᠣᠶ ᠳᠣᠤᠷᠠᠬᠢ ᠷᠠᠰᠢᠶᠠᠨ ᠳᠤ ᠬᠢᠴᠢᠶᠡᠩᠭᠦᠶᠢᠯᠡᠨ ᠣᠶᠢᠷᠠᠲᠤᠬᠤ ᠳᠤ᠂ ᠴᠣᠪᠣᠭᠤ ᠰᠡᠷᠭᠦᠯᠡᠩ ᠭᠠᠯᠠᠭᠤᠨ ᠤ | ᠰᠦᠷᠦᠭ ᠰᠣᠴᠢᠨ ᠭᠡᠯᠮᠡᠭᠳᠡᠵᠦ᠂ ᠷᠠᠰᠢᠶᠠᠨ ᠤ ᠳᠡᠭᠡᠷ᠎ᠡ ᠠᠴᠠ ᠳᠦᠷᠬᠢᠷᠡᠨ ᠪᠣᠰᠴᠤ᠂ ︽ᠭᠠ ᠭᠠ︾ ᠭᠡᠵᠦ ᠳᠤᠤᠭᠠᠷᠴᠤ ᠬᠤᠯᠠ ᠵᠠᠶᠢᠯᠠᠵᠤ ᠨᠢᠰᠦᠨ᠎ᠡ᠃ ᠬᠥᠮᠦᠨ | ᠳᠡᠭᠡᠭᠰᠢ ᠬᠠᠷᠠᠬᠤ ᠳᠤ᠂ ᠬᠠᠯᠢᠭᠤᠨ ᠭᠠᠯᠠᠭᠤᠨ ᠤ ᠤᠯᠠᠭᠠᠨ ᠬᠦᠷᠡᠩ ᠪᠡᠶ᠎ᠡ᠂ ᠬᠠᠷ᠎ᠠ ᠴᠠᠭᠠᠨ ᠠᠯᠠᠭᠯᠠᠭᠰᠠᠨ ᠳᠠᠯᠠᠪᠴᠢ ᠶᠢ ᠣᠯᠵᠤ ᠬᠠᠷᠠᠨ᠎ᠠ᠃ | ᠷᠠᠰᠢᠶᠠᠨ ᠪᠠᠷᠤᠭ 3000 ᠲᠡᠭᠰᠢ ᠳᠥᠷᠪᠡᠯᠵᠢᠨ ᠮᠧᠲᠷ ᠪᠠᠶᠢᠵᠤ᠂ ᠭᠠᠵᠠᠷ ᠪᠣᠯᠭᠠᠨ ᠳᠤ ᠭᠤᠷ ᠭᠤᠷ ᠤᠨᠳᠤᠷᠤᠭᠰᠠᠨ ᠪᠤᠯᠠᠭ ᠬᠠᠷᠠᠭᠳᠠᠵᠤ᠂ ᠨᠠᠭᠤᠷ | ᠳᠣᠲᠣᠷ᠎ᠠ ᠴᠤᠬᠤᠮ ᠬᠡᠳᠦᠶ ᠪᠤᠯᠠᠭ ᠪᠠᠶᠢᠬᠤ ᠶᠢ ᠣᠶᠢᠷ᠎ᠠ ᠬᠠᠪᠢ ᠶᠢᠨ ᠲᠣᠰᠬᠤᠨ ᠤ ᠠᠷᠠᠳ ᠴᠤ ᠲᠣᠳᠣᠷᠬᠠᠶ ᠬᠡᠯᠡᠵᠦ ᠴᠢᠳᠠᠬᠤ ᠦᠭᠡᠢ᠃ ᠨᠠᠭᠤᠷ ᠤᠨ ᠨᠢᠭᠤᠷ | ᠳᠡᠭᠡᠷ᠎ᠡ ᠠᠭᠤᠷᠰᠢᠭᠰᠠᠨ ᠤᠰᠤᠨ ᠠᠭᠤᠷ ᠪᠦᠷᠬᠦᠵᠦ᠂ ᠬᠤᠯᠠ ᠠᠴᠠ ᠬᠠᠷᠠᠬᠤ ᠳᠤ ᠠᠷᠰᠢ ᠶᠢᠨ ᠣᠷᠤᠨ ᠰᠢᠭ᠃ ᠭᠠᠷ ᠢᠶᠠᠨ ᠣᠷᠤᠭᠤᠯᠵᠤ ᠦᠵᠡᠪᠡᠯ᠂ ᠨᠠᠭᠤᠷ ᠤᠨ | ᠤᠰᠤ ᠪᠦᠯᠢᠶᠡᠨ ᠪᠠᠶᠢᠳᠠᠭ᠃ | ᠷᠠᠰᠢᠶᠠᠨ ᠲᠣᠰᠬᠤᠨ ᠤ ᠨᠠᠮ ᠤᠨ ᠡᠭᠦᠷ ᠤᠨ ᠱᠦᠵᠢ᠂ ᠲᠣᠰᠬᠤᠨ ᠤ ᠳᠠᠷᠤᠭ᠎ᠠ ᠶᠠᠩ ᠯᠠᠶ ᠸᠧᠨ ᠬᠡᠳᠦᠨ ᠤᠭᠤᠲᠠ ᠡᠷᠳᠡᠨᠢ ᠰᠢᠰᠢ ᠶᠢᠨ ᠬᠡᠮᠬᠡᠳᠡᠭ ᠢ ᠴᠢᠷᠴᠦ | ᠠᠪᠴᠢᠷᠠᠭᠠᠳ ᠤᠭᠤᠲᠠ ᠶᠢᠨ ᠠᠮᠠᠰᠠᠷ ᠢ ᠨᠢ ᠠᠯᠳᠠᠷᠠᠭᠠᠵᠤ᠂ ᠡᠷᠳᠡᠨᠢ ᠰᠢᠰᠢ ᠶᠢᠨ ᠬᠡᠮᠬᠡᠳᠡᠭ ᠢ ᠷᠠᠰᠢᠶᠠᠨ ᠤ ᠬᠥᠪᠡᠭᠡᠨ ᠳᠤ ᠰᠠᠴᠤᠪᠠ᠃ ᠶᠠᠩ ᠱᠦᠵᠢ ᠶᠢᠨ ᠭᠡᠷ ᠨᠢ | ᠷᠠᠰᠢᠶᠠᠨ ᠤ ᠡᠮᠦᠨ᠎ᠡ ᠬᠡᠳᠦᠨ ᠵᠠᠭᠤᠨ ᠮᠧᠲᠷ ᠤᠨ ᠭᠠᠵᠠᠷ ᠰᠠᠭᠤᠵᠤ᠂ ᠷᠠᠰᠢᠶᠠᠨ ᠠᠴᠠ ᠬᠠᠮᠤᠭ ᠣᠶᠢᠷ᠎ᠠ ᠠᠶᠢᠯ ᠪᠣᠯᠤᠨ᠎ᠠ᠃ ᠷᠠᠰᠢᠶᠠᠨ ᠪᠠ ᠣᠷᠣᠰᠢᠨ ᠰᠠᠭᠤᠵᠤ | ᠪᠠᠶᠢᠭ᠎ᠠ ᠬᠠᠯᠢᠭᠤᠨ ᠭᠠᠯᠠᠭᠤ ᠶᠢ ᠲᠡᠷᠡ ᠬᠠᠮᠤᠭ ᠠᠴᠠ ᠲᠣᠳᠣᠷᠬᠠᠶ ᠮᠡᠳᠡᠨ᠎ᠡ᠃ | ᠷᠠᠰᠢᠶᠠᠨ ᠤ ᠵᠢᠩᠬᠢᠨᠢ ᠨᠡᠷ᠎ᠡ ᠨᠢ ᠮᠤᠨᠠ ᠠᠭᠤᠯᠠ ᠶᠢᠨ ᠷᠠᠰᠢᠶᠠᠨ᠂ ᠥᠨᠢ ᠤᠳᠠᠭᠠᠨ ᠲᠡᠦᠬᠡ ᠲᠠᠢ᠂ ᠲᠡᠭᠦᠨ ᠤ ᠡᠬᠢ ᠰᠤᠷᠪᠤᠯᠵᠢ ᠶᠢ ᠰᠦᠩ ᠤᠯᠤᠰ ᠤᠨ | ᠦᠶ᠎ᠡ ᠬᠦᠷᠲᠡᠯ᠎ᠡ ᠮᠥᠷᠳᠡᠵᠦ ᠪᠣᠯᠤᠨ᠎ᠠ᠃ ᠪᠤᠯᠠᠭ ᠤᠨ ᠤᠰᠤ ᠵᠢᠯ ᠤᠨ ᠲᠤᠷᠰᠢ ᠲᠣᠭᠲᠠᠮᠠᠯ ᠳᠤᠯᠠᠭᠠᠨ ᠪᠠᠶᠢᠵᠤ᠂ ᠳᠤᠮᠳᠠᠴᠢ ᠳᠤᠯᠠᠭᠠᠨ ᠨᠢ 25℃ ᠣᠷᠴᠢᠮ | ᠪᠠᠶᠢᠳᠠᠭ᠃ | ︽ᠥᠩᠭᠡᠷᠡᠭᠰᠡᠨ ᠳᠤ ᠷᠠᠰᠢᠶᠠᠨ ᠤ ᠤᠰᠤ ᠦᠯᠡᠳᠡᠳᠡᠭ ᠥᠬᠡᠶ᠂ ᠪᠤᠯᠠᠭ ᠤᠨ ᠨᠢᠳᠦᠨ ᠠᠴᠠ ᠭᠠᠷᠴᠤ ᠢᠷᠡᠭᠰᠡᠨ ᠪᠤᠯᠠᠭ ᠤᠨ ᠤᠰᠤ ᠭᠤᠤᠯ ᠤᠨ ᠬᠤᠪᠢᠯ ᠳᠠᠭᠠᠤ | ᠤᠷᠤᠰᠤᠨ᠎ᠠ᠃ 2013 ᠣᠨ ᠳᠤ᠂ ᠲᠤᠬᠠᠢ ᠶᠢᠨ ᠭᠠᠵᠠᠷ ᠤᠨ ᠲᠣᠰᠬᠤᠨ ᠤ ᠠᠷᠠᠳ ᠰᠠᠶᠢᠨ ᠳᠤᠷ᠎ᠠ ᠠᠴᠠ ᠪᠠᠨ ᠨᠢᠭᠡ ᠴᠥᠭᠦᠷᠥᠮ ᠮᠠᠯᠲᠠᠵᠤ᠂ ᠪᠤᠯᠠᠭ ᠤᠨ | ᠤᠰᠤ ᠶᠢ ᠲᠠᠰᠤᠳᠠᠨ ᠦᠯᠡᠳᠡᠭᠡᠭᠰᠡᠨ ᠠᠴᠠ ᠰᠠᠶ᠋ᠢ 3000 ᠲᠡᠭᠰᠢ ᠳᠥᠷᠪᠡᠯᠵᠢᠨ ᠮᠧᠲᠷ ᠰᠢᠬᠠᠮ ᠨᠠᠭᠤᠷ ᠪᠤᠢ ᠪᠣᠯᠵᠠᠢ᠃ ᠷᠠᠰᠢᠶᠠᠨ ᠤ ᠨᠠᠭᠤᠷ ᠪᠦᠷᠢᠯᠳᠦᠬᠦ ᠠᠴᠠ | ᠡᠮᠦᠨ᠎ᠡ ᠬᠠᠯᠢᠭᠤᠨ ᠭᠠᠯᠠᠭᠤ ᠠᠳᠡ ᠪᠠᠰᠠ ᠡᠪᠦᠯᠵᠢᠵᠦ ᠦᠩᠭᠡᠷᠡᠭᠰᠡᠨ᠂ ᠲᠡᠷᠡ ᠦᠶ᠎ᠡ ᠳᠤ ᠵᠦᠪᠬᠡᠨ ᠬᠡᠳᠦᠬᠡᠨ ᠬᠤᠣᠰ ᠯᠠ ᠪᠠᠶᠢᠵᠤ᠂ 2015 ᠣᠨ ᠠᠴᠠ | ᠰᠡᠭᠦᠯᠡᠷ ᠵᠢᠭᠠᠬᠠᠨ ᠢᠯᠡᠭᠦᠦ ᠰᠢᠭ ᠪᠣᠯᠤᠭᠰᠠᠨ ᠪᠣᠯᠪᠠᠴᠤ ᠮᠦᠨᠴᠦ ᠬᠡᠳᠦᠨ ᠠᠷᠪᠠᠭ᠋ᠠᠨ ᠪᠠᠶᠢᠪᠠ᠃ ᠬᠤᠶᠢᠰᠢᠳᠠ ᠨᠢ ᠵᠢᠯ ᠠᠴᠠ ᠪᠠᠨ ᠵᠢᠯ ᠢᠯᠡᠭᠦᠦ ᠪᠣᠯᠪᠠ᠃ | 2016 ᠣᠨ ᠳᠤ ᠬᠡᠳᠦᠨ ᠵᠠᠭᠤ ᠪᠠᠶᠢᠵᠤ᠂ 2017 ᠣᠨ ᠳᠤ ᠬᠤᠶᠠᠷ ᠭᠤᠷᠪᠠᠨ ᠮᠢᠩᠭ᠎ᠠ ᠪᠣᠯᠵᠤ᠂ ᠨᠢᠳᠤᠨᠤᠨ ᠤ 11 ᠰᠠᠷ᠎ᠠ ᠪᠣᠯᠬᠤ ᠳᠤ ᠨᠢᠭᠡ ᠯᠡ ᠳᠡᠭᠡᠷ᠎ᠡ | ᠲᠦᠮᠡ ᠭᠠᠷᠤᠶ ᠢᠷᠡᠭᠰᠡᠨ ᠪᠠᠶᠢᠨ᠎ᠠ᠃ | ︽ᠡᠨᠡ ᠬᠡᠳᠦᠨ ᠡᠳᠦᠷ ᠬᠠᠯᠢᠭᠤᠨ ᠭᠠᠯᠠᠭᠤ ᠶᠠᠪᠤᠬᠤ ᠲᠤᠲᠤᠮ ᠣᠯᠠᠰᠢᠷᠠᠵᠤ ᠪᠠᠶᠢᠨ᠎ᠠ᠃ ᠬᠠᠯᠢᠭᠤᠨ ᠭᠠᠯᠠᠭᠤ ᠡᠳᠦᠷ ᠲᠡᠭᠡᠨ ᠣᠯᠠᠩᠬᠢ ᠨᠢ ᠨᠢᠰᠦᠨ ᠭᠠᠷᠴᠤ | ᠶᠠᠪᠤᠨ᠂ ᠣᠷᠣᠢ ᠨᠢ ᠬᠠᠷᠢᠵᠤ ᠢᠷᠡᠨ᠎ᠡ᠃ ᠪᠢ ᠣᠷᠣᠢ ᠭᠠᠷᠴᠤ ᠢᠷᠡᠭᠡᠳ ᠦᠵᠡᠪᠡᠯ᠂ ᠤᠰᠤᠨ ᠳᠣᠲᠣᠷ᠎ᠠ ᠨᠢᠭᠡ ᠨᠢᠭᠡ ᠢᠶᠠᠨ ᠨᠠᠯᠠᠵᠤ ᠨᠢᠭᠡ ᠨᠠᠭᠤᠷ ᠳᠦᠭᠦᠷᠡᠩ | ᠬᠠᠯᠢᠭᠤᠨ ᠭᠠᠯᠠᠭᠤ ᠪᠠᠶᠢᠵᠤ᠂ ᠵᠠᠷᠢᠮ ᠨᠢ ᠡᠷᠭᠢ ᠳᠡᠭᠡᠷ᠎ᠡ ᠪᠠᠶᠢᠳᠠᠭ᠃ ᠪᠢ ᠣᠷᠣᠢ ᠬᠡᠪᠲᠡᠭᠰᠡᠨ ᠲᠠᠯᠠᠪᠠᠢ ᠶᠢ ᠦᠨᠳᠦᠰᠦᠯᠡᠨ ᠪᠣᠳᠣᠵᠤ ᠦᠵᠡᠪᠡᠯ᠂ ᠡᠨᠡ ᠬᠡᠳᠦᠨ | ᠡᠳᠦᠷ ᠪᠠᠷᠤᠭ ᠬᠤᠶᠠᠷ ᠲᠦᠮᠡ ᠪᠠᠶᠢᠨ᠎ᠠ᠃ ᠣᠢ ᠬᠠᠮᠠᠭᠠᠯᠠᠭᠴᠢ ᠡᠳᠦᠷ ᠪᠦᠷᠢ ᠶᠢᠨ ᠦᠳᠡ ᠶᠢᠨ ᠬᠤᠶᠢᠨ᠎ᠠ ᠭᠤᠷᠪᠠ ᠲᠠᠪᠤᠨ ᠵᠠᠭᠤᠨ ᠵᠢᠩ ᠲᠡᠵᠢᠭᠡᠯ ᠪᠣᠷᠳᠤᠭ᠎ᠠ ᠶᠢ | ᠡᠷᠭᠢ ᠳᠡᠭᠡᠷ᠎ᠡ ᠰᠠᠴᠤᠭᠠᠳ᠂ ᠥᠷᠯᠥᠭᠡ ᠪᠣᠯᠪᠠᠯ ᠢᠳᠡᠵᠦ ᠳᠠᠭᠤᠰᠬᠠᠨ᠎ᠠ᠃︾ ᠭᠡᠵᠦ ᠶᠠᠩ ᠯᠠᠶ ᠸᠧᠨ ᠬᠡᠯᠡᠪᠡ᠃ ᠲᠡᠭᠦᠨ ᠤ ᠦᠵᠡᠬᠦ ᠪᠠᠷ᠂ ᠡᠨᠡ ᠬᠡᠳᠦᠨ ᠵᠢᠯ ᠳᠤ | ᠬᠠᠯᠢᠭᠤᠨ ᠭᠠᠯᠠᠭᠤ ᠶᠠᠪᠤᠬᠤ ᠲᠤᠲᠤᠮ ᠣᠯᠠᠰᠢᠷᠠᠵᠤ᠂ ᠡᠷᠬᠢᠨ ᠲᠣᠭᠤᠷᠢᠨ ᠤ ᠠᠮᠢ ᠠᠬᠤᠶ ᠶᠢᠨ ᠣᠷᠴᠢᠨ ᠲᠤᠭᠤᠷᠢᠨ ᠤ ᠨᠥᠬᠦᠴᠡᠯ ᠤᠨ ᠰᠠᠶᠢᠵᠢᠷᠠᠯᠲᠠ ᠲᠠᠢ ᠴᠤ | ᠬᠤᠯᠪᠣᠭ᠎ᠠ ᠲᠠᠢ ᠶᠤᠮ᠃ ᠷᠠᠰᠢᠶᠠᠨ ᠨᠢ ᠤᠯᠢᠶᠠᠰᠤ ᠨᠠᠭᠤᠷ ᠠᠴᠠ ᠠᠷᠪᠠᠨ ᠬᠡᠳᠦᠨ ᠺᠢᠯᠣᠮᠧᠲᠷ ᠵᠠᠶᠢᠲᠠᠶ᠃ | 2016 ᠣᠨ ᠤ ᠡᠪᠦᠯ᠂ ᠶᠠᠩ ᠯᠠᠶ ᠸᠧᠨ᠂ ᠷᠠᠰᠢᠶᠠᠨ ᠤ ᠣᠷᠴᠢᠨ ᠳᠤ ᠠᠷᠪᠠᠨ ᠬᠡᠳᠦᠨ ᠬᠠᠯᠢᠭᠤᠨ ᠭᠠᠯᠠᠭᠤ ᠪᠠᠶᠢᠬᠤ ᠶᠢ ᠣᠯᠵᠤ ᠮᠡᠳᠡᠵᠡᠶ᠃ ᠲᠡᠷᠡ | ᠦᠬᠦᠭᠰᠡᠨ ᠬᠠᠯᠢᠭᠤᠨ ᠭᠠᠯᠠᠭᠤ ᠶᠢ ᠲᠡᠭᠦᠵᠦ ᠠᠪᠴᠢᠷᠠᠭᠠᠳ ᠴᠣᠩᠬᠤᠨ ᠲᠠᠶᠢᠰᠠᠨ ᠳᠡᠭᠡᠷ᠎ᠡ ᠲᠠᠯᠪᠢᠭᠰᠠᠨ ᠳᠤ᠂ ᠲᠣᠰᠬᠤᠨ ᠤ ᠠᠷᠠᠳ ᠣᠯᠵᠤ ᠦᠵᠡᠭᠰᠡᠨ ᠤ | ᠳᠠᠷᠠᠭ᠎ᠠ ᠰᠡᠭᠦᠳᠡᠷ ᠲᠠᠲᠠᠵᠤ ᠰᠦᠯᠵᠢᠶᠡᠨ ᠳᠡᠭᠡᠷ᠎ᠡ ᠶᠠᠪᠤᠭᠤᠯᠵᠠᠶ᠃ ᠳᠠᠷᠠᠭ᠎ᠠ ᠡᠳᠦᠷ ᠨᠢ ᠬᠤᠯᠪᠣᠭᠳᠠᠯ ᠪᠥᠬᠦᠶ ᠰᠠᠯᠠᠭ᠎ᠠ ᠮᠥᠴᠢᠷ ᠠᠴᠠ ᠬᠥᠮᠦᠨ ᠢᠷᠡᠵᠦ ᠬᠠᠯᠢᠭᠤᠨ | ᠭᠠᠯᠠᠭᠤᠨ ᠤ ᠬᠡᠭᠦᠷ ᠢ ᠠᠪᠠᠴᠢᠭᠰᠠᠨ ᠪᠠᠶᠢᠨ᠎ᠠ᠃ ᠰᠢᠨᠵᠢᠯᠡᠨ ᠪᠠᠶᠢᠴᠠᠭᠠᠭᠰᠠᠨ ᠢᠶᠠᠷ᠂ ᠡᠳᠡᠭᠡᠷ ᠬᠠᠯᠢᠭᠤᠨ ᠭᠠᠯᠠᠭᠤ ᠥᠯᠪᠡᠷᠴᠦ ᠦᠬᠦᠵᠡᠢ᠃ | ᠢᠷᠡᠭᠰᠡᠨ ᠪᠦᠬᠦᠨ ᠵᠣᠴᠢᠨ᠃ ᠴᠠᠰᠤ ᠮᠥᠰᠥᠨ ᠳᠤ ᠬᠠᠯᠢᠭᠤᠨ ᠭᠠᠯᠠᠭᠤ ᠷᠠᠰᠢᠶᠠᠨ ᠢᠶᠠᠷ ᠳᠤᠯᠠᠭᠠᠴᠠᠬᠤ ᠪᠣᠯᠪᠠᠴᠤ ᠢᠳᠡᠰᠢ ᠡᠷᠢᠵᠦ ᠣᠯᠬᠤ ᠦᠭᠡᠢ᠃ | ᠪᠠᠶᠠᠨᠨᠠᠭᠤᠷ ᠤᠨ ᠠᠷᠠᠳ ᠤᠨ ᠰᠤᠷᠲᠠᠯ ᠪᠣᠷᠣᠭᠵᠢᠭᠤᠨ ᠪᠠᠶᠢᠳᠠᠭ᠃ ᠲᠡᠭᠦᠨ ᠠᠴᠠ ᠬᠤᠶᠢᠰᠢ᠂ ᠶᠠᠩ ᠯᠠᠶ ᠸᠧᠨ ᠪᠣᠯᠤᠨ ᠲᠣᠰᠬᠤᠨ ᠤ ᠠᠷᠠᠳ ᠰᠠᠶᠢᠨ | ᠳᠤᠷ᠎ᠠ ᠠᠴᠠ ᠪᠠᠨ ᠥᠪᠡᠷ ᠤᠨ ᠭᠡᠷ ᠤᠨ ᠲᠡᠵᠢᠭᠡᠯ ᠪᠣᠷᠳᠤᠭ᠎ᠠ ᠪᠠᠨ ᠭᠠᠷᠭᠠᠵᠤ ᠬᠠᠯᠢᠭᠤᠨ ᠭᠠᠯᠠᠭᠤ ᠲᠡᠵᠢᠭᠡᠵᠡᠶ᠃ ᠪᠠᠯᠭᠠᠰᠤᠨ ᠤ ᠮᠠᠰᠢ ᠣᠯᠠᠨ ᠠᠵᠤ ᠠᠬᠤᠶᠢᠯᠠᠯ | ᠪᠦᠷ ᠲᠡᠵᠢᠭᠡᠯ ᠪᠣᠷᠳᠤᠭ᠎ᠠ ᠲᠤᠰᠠᠯᠠᠵᠤ ᠥᠩᠭᠡᠷᠡᠵᠡᠢ᠃ ᠡᠨᠡ ᠵᠢᠯ᠂ ᠪᠠᠯᠭᠠᠰᠤᠨ ᠤ ᠬᠤᠶᠠᠷ ᠠᠵᠤ ᠠᠬᠤᠶᠢᠯᠠᠯ — ᠥᠪᠥᠷ ᠮᠣᠩᠭᠤᠯ ᠤᠨ ᠱᠦᠸᠧ ᠾᠧ ᠾᠧ | ᠲᠠᠷᠢᠶᠠᠯᠠᠩ ᠤᠨ ᠬᠦᠭᠵᠢᠯᠲᠡ ᠶᠢᠨ ᠬᠢᠵᠠᠭᠠᠷᠲᠤ ᠺᠣᠮᠫᠠᠨᠢ᠂ ᠪᠠᠶᠠᠨᠨᠠᠭᠤᠷ ᠬᠤᠲᠠ ᠶᠢᠨ ᠶᠢᠨ ᠳ᠋ᠠ ᠴᠠᠩ ᠬᠠᠲᠠᠭᠠᠬᠤ ᠦᠢᠯᠡᠳᠪᠦᠷᠢ ᠲᠣᠰ ᠲᠣᠰ 5 ᠲᠣᠨ ᠪᠣᠷᠳᠤᠭ᠎ᠠ | ᠬᠠᠨᠳᠢᠪᠯᠠᠪᠠ᠂ ᠲᠥᠰᠦᠭᠡᠯᠡᠨ ᠪᠤᠳᠤᠭᠰᠠᠨ ᠢᠶᠠᠷ᠂ ᠪᠠᠷᠤᠭ ᠬᠡᠳᠦᠨ ᠲᠣᠨ ᠪᠣᠷᠳᠤᠭ᠎ᠠ ᠳᠤᠲᠠᠵᠤ ᠪᠠᠶᠢᠨ᠎ᠠ᠃ | ᠶᠡᠭᠡ ᠰᠢᠭᠡᠲᠡᠢ ᠪᠠᠯᠭᠠᠰᠤᠨ ᠤ ᠵᠣᠬᠢᠶᠠᠨ ᠪᠠᠶᠢᠭᠤᠯᠤᠯᠲᠠ᠂ ᠨᠢᠭᠡᠳᠦᠮᠡᠯ ᠹᠷᠣᠨᠲ ᠤᠨ ᠭᠡᠰᠢᠭᠦᠨ ᠶᠠᠨ ᠰᠢᠶᠠᠩ ᠳ᠋ᠦᠩ ᠲᠠᠨᠢᠯᠴᠠᠭᠤᠯᠬᠤ ᠳᠠᠭᠠᠨ᠂ ᠡᠨᠡ ᠬᠡᠳᠦᠨ | ᠵᠢᠯ ᠳᠤ ᠪᠠᠯᠭᠠᠰᠤ ᠠᠴᠠ ᠬᠠᠯᠢᠭᠤᠨ ᠭᠠᠯᠠᠭᠤ ᠳᠤ ᠵᠣᠭᠤᠰ ᠭᠠᠷᠭᠠᠨ ᠪᠣᠷᠳᠤᠭ᠎ᠠ ᠵᠢᠨᠠᠰᠠᠭᠤᠳᠠᠯ ᠢ ᠰᠢᠢᠳᠪᠦᠷᠢᠯᠡᠬᠦ ᠠᠴᠠ ᠭᠠᠳᠠᠨ᠎ᠠ᠂ ᠪᠠᠰᠠ ᠷᠠᠰᠢᠶᠠᠨ ᠨᠠᠭᠤᠷ ᠤᠨ | ᠡᠷᠬᠢᠨ ᠲᠣᠭᠤᠷᠢᠨ ᠤ ᠣᠷᠴᠢᠨ ᠲᠣᠭᠤᠷᠢᠨ ᠢ ᠰᠠᠶᠢᠵᠢᠷᠠᠭᠤᠯᠬᠤ ᠪᠠᠷ ᠢᠳᠡᠪᠬᠢᠲᠡᠶ ᠴᠢᠷᠮᠠᠶᠢᠵᠤ᠂ ᠨᠢᠭᠡᠳᠦᠭᠡᠷ ᠳᠡᠰ ᠤᠨ ᠨᠠᠭᠤᠷ ᠤᠨ ᠬᠠᠵᠠᠭᠤ ᠳᠤ ᠬᠤᠶᠠᠳᠤᠭᠠᠷ | ᠳᠡᠰ ᠤᠨ ᠨᠠᠭᠤᠷ ᠪᠠᠶᠢᠭᠤᠯᠵᠤ᠂ ᠵᠢᠯ ᠪᠦᠷᠢ ᠡᠷᠬᠢᠨ ᠲᠣᠭᠤᠷᠢᠨ ᠳᠤ ᠮᠣᠳᠣ ᠳᠠᠷᠢᠵᠤ ᠣᠶᠢᠵᠢᠭᠤᠯᠳᠠᠭ᠃ ᠳᠡᠭᠡᠷ᠎ᠡ ᠭᠠᠷᠠᠭ᠂ ᠪᠠᠯᠭᠠᠰᠤᠨ ᠠᠴᠠ ᠬᠠᠯᠢᠭᠤᠨ | ᠭᠠᠯᠠᠭᠤ ᠶᠢ ᠠᠪᠤᠷᠠᠨ ᠲᠤᠰᠠᠯᠠᠬᠤ ᠰᠠᠨᠠᠭᠠᠴᠢᠯᠠᠭ᠎ᠠ ᠶᠢᠨ ᠪᠢᠴᠢᠭ᠊ ᠭᠠᠷᠭᠠᠵᠤ᠂ ᠸᠢᠴᠠᠲ᠂ ᠴᠡᠴᠡᠷᠡᠭᠦᠯᠭᠡ᠂ ᠬᠤᠷᠳᠤᠨ ᠭᠠᠷ ᠵᠡᠷᠭᠡ ᠲᠠᠪᠴᠠᠩ ᠳᠡᠭᠡᠷ᠎ᠡ ᠨᠡᠶᠢᠲᠡᠯᠡᠵᠦ᠂ | ᠣᠳᠣᠬᠠᠨ ᠲᠤ ᠬᠠᠨᠳᠢᠪᠯᠠᠭᠰᠠᠨ ᠵᠣᠭᠤᠰ ᠪᠣᠯᠤᠨ ᠲᠡᠵᠢᠭᠡᠯ ᠪᠣᠷᠳᠤᠭ᠎ᠠ ᠨᠢ ᠨᠡᠶᠢᠲᠡ 6000 ᠭᠠᠷᠤᠶ ᠲᠥᠭᠦᠷᠢᠭ ᠭᠥᠷᠳᠡᠵᠡᠶ᠃ | ᠵᠢᠷᠭᠠᠬᠤ ᠨᠡᠷᠡᠨ ᠠᠭᠠᠵᠢᠮ ᠢᠶᠠᠷ ᠲᠩᠷᠢ ᠶᠢᠨ ᠬᠠᠶᠠᠭᠠᠨ ᠳᠤ ᠤᠯᠠᠶᠢᠪᠠ᠃ ᠰᠢᠪᠠᠭᠤ ᠡᠭᠦᠷ ᠲᠡᠭᠡᠨ ᠪᠤᠴᠠᠵᠤ᠂ ᠲᠣᠭᠠᠯᠠᠭᠠᠳ ᠪᠠᠷᠠᠰᠢ ᠥᠬᠡᠶ ᠬᠠᠯᠢᠭᠤᠨ | ᠭᠠᠯᠠᠭᠤ ᠰᠦᠷᠦᠭᠯᠡᠨ ᠨᠢᠰᠦᠨ ᠢᠷᠡᠵᠦ᠂ ᠨᠠᠭᠤᠷ ᠤᠨ ᠨᠢᠭᠤᠷ ᠳᠡᠭᠡᠷ᠎ᠡ ᠡᠷᠭᠢᠯᠳᠦᠨ᠂ ᠤᠰᠤᠨ ᠠᠭᠤᠷ ᠤᠨᠢᠶᠠᠷ ᠳᠡᠭᠳᠡᠵᠦ ᠪᠠᠶᠢᠭ᠎ᠠ ᠨᠠᠭᠤᠷ ᠳᠡᠭᠡᠷ᠎ᠡ ᠪᠠᠭᠤᠵᠤ᠂ | ᠲᠠᠯᠠᠪᠠᠶ ᠨᠢ ᠰᠦᠷᠯᠢᠭ ᠰᠠᠶᠢᠬᠠᠨ ᠬᠠᠷᠠᠭᠳᠠᠨ᠎ᠠ᠃ ᠭᠡᠷᠡᠯ ᠵᠢᠷᠤᠭ ᠤᠨ ᠰᠤᠷᠪᠤᠯᠵᠢᠯᠠᠭᠴᠢ ᠰᠡᠭᠦᠳᠡᠷᠯᠡᠬᠦ ᠮᠠᠰᠢᠨ ᠢᠶᠠᠨ ᠡᠷᠭᠦᠵᠦ᠂ ᠡᠨᠡ ᠬᠦ ᠣᠯᠳᠠᠬᠤᠶ᠎ᠠ ᠪᠡᠷᠬᠡ ᠴᠠᠭ | ᠮᠥᠴᠡ ᠶᠢ ᠲᠡᠮᠳᠡᠭᠯᠡᠪᠡ᠃ |