ᠤᠷᠠᠳ ᠤᠨ ᠡᠮᠦᠨᠡᠲᠦ ᠬᠤᠰᠢᠭᠤᠨ ᠤ ᠤᠯᠠᠭᠠᠨᠮᠦ᠋ᠴᠢᠷ《 ᠶᠡᠭᠡ ᠰᠤᠷᠤᠯᠴᠠᠯᠭ᠎ᠠ ᠶᠡᠭᠡ ᠶᠠᠷᠢᠯᠴᠠᠭ᠎ᠠ》 ᠶᠢᠨ ᠬᠦᠮᠦᠵᠢᠯ ᠤᠨ ᠠᠵᠢᠯᠯᠠᠭ᠎ᠠ ᠶᠢ ᠢᠳᠡᠪᠬᠢᠲᠡᠢ ᠪᠠᠷ ᠦᠷᠨᠢᠭᠦᠯᠵᠦ ᠪᠠᠶᠢᠨ᠎ᠠ
ᠨᠡᠶᠢᠲᠡᠯᠡᠭᠰᠡᠨ ᠴᠠᠭ᠄
2019/8/2
     ᠤᠷᠠᠳ ᠤᠨ ᠡᠮᠦᠨᠡᠲᠦ ᠬᠤᠰᠢᠭᠤᠨ ᠤ ᠤᠯᠠᠭᠠᠨᠮᠦ᠋ᠴᠢᠷ ᠤᠨ ᠲᠣᠭᠯᠠᠭᠴᠢᠳ ᠡᠳᠦᠷ ᠪᠦᠷᠢ ᠰᠤᠯᠠ ᠰᠡᠯᠡᠭᠦᠦ ᠴᠠᠭ ᠢᠶᠠᠨ ᠠᠰᠢᠭᠯᠠᠵᠤ᠂《 ᠶᠡᠭᠡ ᠰᠤᠷᠤᠯᠴᠠᠯᠭ᠎ᠠ ᠶᠡᠭᠡ ᠶᠠᠷᠢᠯᠴᠠᠭ᠎ᠠ》 ᠶᠢᠨ ᠬᠦᠮᠦᠵᠢᠯ ᠤᠨ ᠠᠵᠢᠯᠯᠠᠭ᠎ᠠ ᠶᠢ ᠢᠳᠡᠪᠬᠢᠲᠡᠢ ᠪᠠᠷ ᠦᠷᠨᠢᠭᠦᠯᠵᠦ ᠪᠠᠶᠢᠨ᠎ᠠ᠃      ᠤᠷᠠᠳ ᠤᠨ ᠡᠮᠦᠨᠡᠲᠦ  ᠬᠤᠰᠢᠭᠤᠨ ᠤ ᠤᠯᠠᠭᠠᠨᠮᠦ᠋ᠴᠢᠷ ᠤᠨ ᠪᠦᠵᠢᠭ ᠤᠨ ᠪᠤᠯᠪᠠᠰᠤᠷᠠᠯ ᠤᠨ ᠲᠢᠩᠬᠢᠮ ᠳᠤ᠂ ᠲᠣᠭᠯᠠᠭᠴᠢᠳ ᠲᠠᠪᠦᠨ ᠬᠦᠮᠦᠨ ᠨᠢᠭᠡ ᠳᠤᠭᠤᠶᠢᠯᠠᠩ ᠪᠣᠯᠵᠤ᠂ ᠦᠢᠯᠡ ᠬᠦᠳᠡᠯᠦᠯ ᠢᠶᠠᠨ ᠬᠠᠷᠢᠯᠴᠠᠨ ᠶᠠᠷᠢᠯᠴᠠᠵᠤ᠂ ᠬᠠᠷᠢᠯᠴᠠᠨ ᠵᠢᠯᠦᠭᠤᠳᠴᠦ᠂ ᠪᠦᠵᠢᠭ ᠤᠨ ᠬᠦᠳᠡᠯᠭᠡᠭᠡᠨ ᠢᠶᠠᠨ ᠨᠡᠩ ᠳᠦᠷᠢᠮᠵᠢᠭᠦᠯᠵᠦ᠂ ᠤᠳᠠᠭ᠎ᠠ ᠪᠣᠯᠭᠠᠨ ᠤ ᠲᠣᠭᠯᠠᠯᠲᠠ ᠳᠤ ᠦᠪᠡᠷ ᠤᠨ ᠬᠠᠮᠤᠭ ᠤᠨ ᠰᠠᠶᠢᠨ ᠳᠦᠷᠢ ᠲᠦᠷᠬᠦ ᠪᠠᠷ ᠣᠯᠠᠨ ᠲᠠᠢ ᠵᠤᠯᠭᠠᠬᠤ ᠪᠠᠷ ᠶᠠᠭᠠᠷᠠᠯᠳᠤᠨ᠎ᠠ᠃ ᠲᠤᠭᠯᠠᠭᠴᠢᠳ ᠪᠦᠵᠢᠭ ᠢᠶᠠᠨ ᠪᠤᠯᠪᠠᠰᠤᠷᠠᠵᠤ ᠪᠠᠷᠠᠮᠠᠭᠴᠠ ᠬᠤᠪᠢᠰᠤ ᠬᠦᠭᠵᠢᠮ ᠢᠶᠠᠨ ᠳᠠᠷᠤᠵᠤ ᠳᠠᠭᠤᠯᠠᠬᠤ ᠪᠤᠯᠪᠠᠰᠤᠷᠠᠯ ᠢᠶᠠᠨ ᠡᠬᠢᠯᠡᠬᠦᠯᠦᠯ᠎ᠡ᠃      ᠣᠳᠣᠬᠠᠨ ᠪᠣᠯᠲᠠᠯ᠎ᠠ᠂ ᠤᠷᠠᠳ ᠤᠨ ᠡᠮᠦᠨᠡᠲᠦ ᠬᠤᠰᠢᠭᠤᠨ ᠤ ᠤᠯᠠᠭᠠᠨᠮᠦ᠋ᠴᠢᠷ ᠵᠠᠭᠤ ᠭᠠᠷᠤᠢ ᠤᠳᠠᠭᠠᠨ ᠤ ᠲᠤᠰᠬᠠᠢ ᠮᠡᠷᠭᠡᠵᠢᠯ ᠤᠨ ᠬᠢᠷᠢ ᠲᠦᠪᠰᠢᠨ ᠤ ᠰᠤᠷᠤᠯᠴᠠᠯᠭ᠎ᠠ ᠶᠢᠨ ᠠᠵᠢᠯ ᠦᠷᠨᠢᠭᠦᠯᠦᠨ᠂ ᠰᠤᠷᠤᠯᠴᠠᠯᠭ᠎ᠠ ᠪᠠᠷ ᠳᠠᠮᠵᠢᠨ ᠲᠣᠭᠯᠠᠭᠴᠢᠳ ᠲᠤ ᠶᠡᠭᠡ ᠬᠡᠮᠵᠢᠶᠡᠨ ᠤ ᠳᠠᠭᠤᠤ ᠬᠦᠭᠵᠢᠮ ᠤᠨ ᠤᠷ᠎ᠠ ᠰᠢᠮ᠎ᠡ ᠶᠢ ᠣᠯᠭᠤᠵᠤ᠂ ᠡᠯᠪᠡᠭ ᠪᠠᠶᠠᠯᠢᠭ ᠲᠤᠷᠰᠢᠯᠭ᠎ᠠ ᠬᠤᠷᠠᠮᠳᠤᠭᠤᠯᠤᠭᠰᠠᠨ ᠪᠠᠶᠢᠨ᠎ᠠ᠃
ᠢᠷᠡᠯᠲᠡ᠄ ᠪᠠᠶᠠᠨ ᠨᠠᠭᠤᠷ ᠤᠨ ᠰᠣᠨᠢᠨ