2 ᠰᠠᠷ᠎ᠠ ᠶᠢᠨ 24 ᠤ ᠤᠷᠤᠢ᠂ ᠲᠦᠷᠪᠡᠳᠦᠬᠡᠷ ᠬᠤᠭᠤᠴᠠᠭᠠᠨ ᠤ ᠭᠧᠷᠮᠠᠨ ᠳᠠᠬᠢ ᠲᠤᠮᠳᠠᠳᠤ ᠤᠯᠤᠰ ᠤᠨ ᠺᠢᠨᠣ᠋ ᠶᠢᠨ ᠨᠠᠶᠢᠷ ᠤᠨ ᠱᠠᠩᠨᠠᠯ ᠤᠯᠭᠤᠬᠤ | ᠶᠤᠰᠤᠯᠠᠯ ᠲᠡᠭᠡᠷ᠎ᠠ᠂ ᠮᠠᠨ ᠤ ᠤᠷᠤᠨ ᠤ ᠬᠦᠬᠡ ᠮᠤᠩᠭᠤᠯ ᠨᠤᠳᠤᠭ ᠺᠢᠨᠣ᠋ ᠶᠢᠨ ᠦᠢᠯᠡᠰ ᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠶᠢᠨ ᠰᠡᠬᠦᠳᠡᠷᠯᠡᠨ | ᠦᠢᠯᠡᠳᠦᠭᠰᠡᠨ ︽ᠴᠠᠭᠳᠠᠭ᠎ᠠ ᠪᠤᠶᠠᠨ︾ ᠬᠡᠬᠦ ᠺᠢᠨᠣ᠋ ᠶᠢᠨ ᠵᠤᠬᠢᠶᠠᠭᠴᠢ ᠼᠤᠤ ᠺᠸᠦ ᠲᠤᠰ ᠺᠢᠨᠣ᠋ ᠪᠦᠳᠦᠬᠡᠯ ᠢᠶᠠᠷ ᠢᠶᠠᠨ ︽ᠬᠠᠮᠤᠭ ᠤᠨ ᠰᠢᠯᠢᠳᠡᠭ ᠵᠦᠴᠦᠬᠡ ᠶᠢᠨ | ᠵᠤᠬᠢᠶᠠᠭᠴᠢ︾ ᠶᠢᠨ ᠱᠠᠩᠨᠠᠯ ᠢ ᠲᠤᠰᠴᠠᠢ᠃ ᠲᠦᠷᠪᠡᠳᠦᠬᠡᠷ ᠬᠤᠭᠤᠴᠠᠭᠠᠨ ᠤ ᠭᠧᠷᠮᠠᠨ ᠳᠠᠬᠢ ᠲᠤᠮᠳᠠᠳᠤ ᠤᠯᠤᠰ ᠤᠨ ᠺᠢᠨᠣ᠋ ᠶᠢᠨ ᠨᠠᠶᠢᠷ 2 ᠰᠠᠷ᠎ᠠ ᠶᠢᠨ 20 — | 24 ᠤ ᠡᠳᠤᠷ ᠪᠤᠯᠳᠠᠯ᠎ᠠ ᠭᠧᠷᠮᠠᠨ ᠳᠤ ᠶᠠᠪᠤᠭᠳᠠᠵᠤ᠂ ᠬᠠᠮᠤᠭ ᠤᠨ ᠰᠢᠯᠢᠳᠡᠭ ᠺᠢᠨᠣ᠋᠂ ᠬᠠᠮᠤᠭ ᠤᠨ ᠰᠢᠯᠢᠳᠡᠭ ᠤᠳᠤᠷᠢᠳᠤᠭᠠᠴᠢ᠂ ᠬᠠᠮᠤᠭ ᠤᠨ ᠰᠢᠯᠢᠳᠡᠭ | ᠵᠦᠴᠦᠬᠡ ᠶᠢᠨ ᠵᠤᠬᠢᠶᠠᠯᠴᠢ᠂ ᠬᠠᠮᠤᠭ ᠤᠨ ᠰᠢᠯᠢᠳᠡᠭ ᠡᠷᠡᠭᠳᠡᠢ ᠡᠮᠡᠭᠳᠡᠢ ᠲᠤᠭᠯᠠᠭᠴᠢ᠂ ᠬᠢᠨᠠᠭᠴᠢ ᠶᠢᠨ ᠤᠨᠴᠠ ᠱᠠᠩᠨᠠᠯ᠂ ᠵᠤᠬᠢᠶᠠᠨ ᠪᠠᠶᠢᠭᠤᠯᠤᠯᠳᠠ ᠶᠢᠨ ᠺᠤᠮᠢᠰ ᠤᠨ | ᠤᠨᠴᠠ ᠱᠠᠩᠨᠠᠯ ᠵᠢᠴᠢ ᠭᠠᠷᠮᠠᠭᠠᠢ ᠵᠢᠳᠬᠦᠯ ᠦᠵᠡᠬᠦᠯᠦᠭᠰᠡᠨ ᠱᠠᠩᠨᠠᠯ ᠵᠡᠷᠭᠡ ᠶᠢ ᠰᠢᠯᠭᠠᠷᠠᠭᠤᠯᠵᠠᠢ᠃ | ᠺᠢᠨᠣ᠋ ︽ᠴᠠᠭᠳᠠᠭ᠎ᠠ ᠪᠤᠶᠠᠨ︾ ᠪᠤᠯ ᠪᠠᠶᠠᠨᠨᠠᠭᠤᠷ ᠬᠤᠳᠠ ᠶᠢᠨ ᠤᠷᠠᠳ ᠤᠨ ᠬᠤᠶᠢᠳᠦ ᠬᠤᠰᠢᠭᠤᠨ ᠤ ᠴᠤᠬᠠᠦ᠋ᠨᠳᠦᠷ ᠪᠠᠯᠭᠠᠰᠤ ᠶᠢᠨ ᠲᠤᠳᠤᠭᠠᠳᠤ ᠶᠢ | ᠬᠠᠮᠠᠭᠠᠯᠠᠬᠤ ᠲᠤᠮᠢᠯᠠᠭᠰᠠᠨ ᠰᠠᠯᠪᠤᠷᠢ ᠶᠢᠨ ᠲᠡᠳ᠋ ᠲᠠᠷᠤᠭ᠎ᠠ ᠪᠤᠶᠠᠨᠳᠡᠯᠬᠡᠷ ᠢᠶᠠᠷ ᠤᠭ ᠲᠦᠷᠢ ᠪᠦᠳᠦᠬᠡᠵᠦ᠂ ᠦᠷᠬᠡᠨ ᠤᠯᠠᠨ ᠦᠨᠳᠦᠰᠦᠨ ᠱᠠᠳᠤᠨ ᠤ ᠴᠠᠭᠳᠠᠭ᠎ᠠ | ᠨᠠᠷ ᠤᠨ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠨ᠂ ᠦᠨᠳᠦᠰᠦᠳᠡᠨ ᠤ ᠪᠦᠯᠬᠦᠮᠳᠡᠯ ᠢ ᠬᠠᠮᠠᠭᠠᠯᠠᠵᠦ᠂ ᠠᠷᠠᠳ ᠤᠨ ᠠᠮᠢᠳᠤᠷᠠᠯ ᠤᠨ ᠲᠦᠯᠦᠬᠡ ᠵᠢᠳᠬᠦᠨ | ᠴᠢᠷᠮᠠᠶᠢᠳᠠᠭ ᠦᠢᠯᠡ ᠠᠵᠢᠯᠯᠠᠭ᠎ᠠ ᠶᠢ ᠪᠦᠬᠦ ᠲᠠᠯ᠎ᠠ ᠪᠠᠷ ᠲᠡᠯᠬᠡᠨ ᠦᠵᠡᠬᠦᠯᠵᠡᠢ᠃ ᠺᠢᠨᠣ᠋ ᠨᠢ ᠬᠢᠯᠢ ᠬᠢᠵᠠᠭᠠᠷ ᠴᠦᠬᠡᠨ ᠲᠤᠭᠠᠳᠤ ᠦᠨᠳᠦᠰᠦᠳᠡᠨ ᠤ ᠤᠷᠤᠨ ᠤ | ᠪᠠᠶᠢᠭᠠᠯᠢᠯᠢᠭ ᠲᠦᠷᠢ ᠪᠠ ᠵᠠᠩ ᠠᠷᠠᠨᠰᠢᠨ ᠢ ᠦᠨᠡᠨ ᠪᠤᠳᠠᠳᠠᠢ᠂ ᠪᠤᠰᠤᠳᠴᠢ ᠪᠠᠷ ᠲᠤᠰᠬᠠᠪᠠ᠃ | ᠲᠦᠷᠪᠡᠳᠦᠬᠡᠷ ᠬᠤᠭᠤᠴᠠᠭᠠᠨ ᠤ ᠭᠧᠷᠮᠠᠨ ᠳᠠᠬᠢ ᠲᠤᠮᠳᠠᠳᠤ ᠤᠯᠤᠰ ᠤᠨ ᠺᠢᠨᠣ᠋ ᠶᠢᠨ ᠨᠠᠶᠢᠷ ᠪᠤᠯ ᠲᠤᠮᠳᠠᠳᠤ ᠤᠯᠤᠰ ᠤᠨ ᠭᠧᠷᠮᠠᠨ ᠳᠠᠬᠢ ᠡᠯᠴᠢᠨ ᠰᠠᠶᠢᠳ ᠤᠨ | ᠭᠠᠵᠠᠷ ᠤᠨ 2019 ᠤᠨ ᠤ ︽ᠪᠠᠶᠠᠷ ᠵᠢᠷᠭᠠᠯᠳᠤ ᠴᠠᠭᠠᠨ ᠰᠠᠷ᠎ᠠ︾ ᠶᠢᠨ ᠰᠢᠷᠢᠰ ᠠᠵᠢᠯᠯᠠᠭᠠᠨ ᠤ ᠨᠢᠬᠡ ᠪᠤᠯᠤᠨ᠎ᠠ᠂ ᠡᠸᠦ᠋ᠷᠦᠫᠠ ᠶᠢᠨ ᠴᠠᠭ ᠰᠤᠨᠢᠨ ᠰᠤᠶᠤᠯ | ᠵᠠᠭᠤᠴᠢᠯᠠᠭᠤᠷ ᠤᠨ ᠪᠦᠯᠬᠦᠮ ᠠᠴᠠ ᠭᠤᠤᠯᠯᠠᠨ ᠡᠷᠬᠢᠯᠡᠵᠡᠢ᠃ ᠺᠢᠨᠣ᠋ ᠶᠢᠨ ᠨᠠᠶᠢᠷ ᠤᠨ ᠬᠤᠭᠤᠴᠠᠭᠠᠨ ᠳᠤ ︽ᠠᠩᠬᠠᠳᠠᠭᠴᠢ ᠰᠠᠯᠤᠯᠳᠠ︾᠂ ︽ᠤᠳᠤᠨ ᠭᠠᠷᠠᠭ ᠤᠨ | ᠭᠤᠷᠪᠠ ᠤᠳᠠᠭᠠᠨ ᠤ ᠬᠠᠴᠢᠨ ᠤᠴᠠᠷᠠᠯ︾᠂ ︽ᠨᠠᠮᠤᠷ ᠤᠨ ᠲᠠᠷᠢᠶᠠᠨ ᠭᠠᠵᠠᠷ︾ ᠵᠡᠷᠬᠡ 14 ᠪᠦᠯᠦᠭ ᠺᠢᠨᠣ᠋ ᠶᠢ ᠭᠧᠷᠮᠠᠨ ᠤ ᠦᠵᠡᠭᠴᠢᠳ ᠲᠤ ᠲᠡᠯᠬᠡᠨ ᠦᠵᠡᠬᠦᠯᠵᠦ | ᠂ ᠬᠢᠳᠡᠳ ᠬᠡᠯᠡᠨ ᠤ ᠺᠢᠨᠣ᠋ ᠶᠢᠨ ᠰᠢᠨ᠎ᠠ ᠲᠦᠷᠢ ᠲᠦᠷᠬᠦ ᠶᠢ ᠭᠠᠶᠢᠬᠠᠭᠤᠯᠵᠠᠢ᠃ | ᠤᠶᠢᠢᠯᠠᠭᠠᠭᠰᠠᠨ ᠢᠶᠠᠷ᠂ ᠤᠶᠢᠢᠷ᠎ᠠ ᠶᠢᠨ ᠵᠢᠯ ᠠᠴᠠ ᠨᠠᠭᠠᠰᠢ ᠨᠡᠩ ᠤᠯᠠᠨ ᠲᠤᠮᠳᠠᠳᠤ ᠶᠢᠨ ᠺᠢᠨᠣ᠋ ᠤᠯᠤᠰ ᠠᠴᠠ ᠪᠠᠨ ᠭᠠᠷᠴᠤ᠂ ᠲᠡᠯᠡᠬᠡᠢ ᠶᠢᠨ ᠬᠦᠮᠦᠰ ᠲᠤ | ᠲᠤᠮᠳᠠᠳᠤ ᠤᠯᠤᠰ ᠢ ᠤᠶᠢᠢᠯᠠᠭᠠᠨ ᠲᠠᠨᠢᠬᠤ ᠴᠢᠬᠤᠯᠠ ᠠᠷᠭ᠎ᠠ ᠵᠠᠮ ᠪᠤᠯᠤᠭᠰᠠᠨ ᠪᠠᠶᠢᠨ᠎ᠠ᠃ ᠲᠤᠰ ᠬᠤᠭᠤᠴᠠᠭᠠᠨ ᠤ ᠭᠧᠷᠮᠠᠨ ᠳᠠᠬᠢ ᠲᠤᠮᠳᠠᠳᠤ ᠤᠯᠤᠰ ᠤᠨ | ᠺᠢᠨᠣ᠋ ᠶᠢᠨ ᠨᠠᠶᠢᠷ ᠨᠢ ᠲᠤᠮᠳᠠᠳᠤ ᠤᠯᠤᠰ ᠤᠨ ᠴᠠᠭᠠᠨ ᠰᠠᠷ᠎ᠠ ᠶᠢᠨ ᠦᠨᠤᠷ ᠠᠮᠳᠠ ᠪᠠ ᠰᠤᠶᠤᠯ ᠤᠨ ᠷᠢᠳᠢ ᠰᠢᠳᠢ ᠶᠢ ᠤᠯᠠᠮᠵᠢᠯᠠᠨ ᠲᠠᠮᠵᠢᠭᠤᠯᠵᠦ᠂ ᠬᠤᠶᠠᠷ | ᠤᠯᠤᠰ ᠤᠨ ᠰᠤᠶᠤᠯ ᠤᠨ ᠰᠤᠯᠢᠯᠴᠠᠭ᠎ᠠ ᠪᠠ ᠬᠠᠮᠳᠤᠷᠠᠯᠴᠠᠭᠠᠨ ᠳᠤ ᠴᠢᠬᠤᠯᠠ ᠲᠠᠪᠴᠠᠩ ᠬᠠᠩᠭᠠᠪᠠ᠃ |